ᠤᠪᠤᠭᠠᠨ ᠴᠡᠭᠡᠷ
ᠨᠡᠶᠢᠲᠡᠯᠡᠭᠰᠡᠨ ᠴᠠᠭ᠄
2020/3/10
      ᠮᠤᠩᠭᠤᠯᠴᠤᠳ ᠲᠠᠭᠢᠯᠭᠠᠳᠤ ᠤᠪᠤᠭ᠎ᠠ ᠶᠢ ᠭᠥᠨᠳᠤᠳᠭᠡᠨ ᠲᠠᠭᠡᠳᠤᠯᠡᠵᠥ᠂ ᠰᠢᠳᠥᠵᠥ ᠲᠠᠭᠢᠬᠤ ᠶᠢᠨ ᠤᠯᠠᠮ ᠢᠶᠠᠷ ᠤᠪᠤᠭ᠎ᠠ ᠶᠢᠨ ᠲᠤᠬᠠᠢ ᠤᠯᠠᠨ ᠴᠡᠭᠡᠷ ᠶᠤᠰᠤ ᠪᠥᠷᠢᠯᠳᠥᠭᠰᠡᠨ ᠪᠠᠶᠢᠳᠠᠭ᠃ ᠲᠠᠭᠢᠯᠭᠠᠳᠤ ᠤᠪᠤᠭᠠᠨ ᠤ ᠥᠢᠷ᠎ᠠ ᠤᠷᠴᠢᠮ ᠤᠨ ᠮᠤᠳᠤ ᠶᠢ ᠤᠭᠳᠤᠯᠬᠤ᠂ ᠡᠪᠠᠰᠤ ᠤᠷᠭᠤᠮᠠᠯ ᠢ ᠬᠠᠳᠤᠬᠤ᠂ ᠭᠥᠷᠥᠰᠤ ᠰᠢᠷᠥᠢ ᠶᠢ ᠤᠬᠤᠬᠤ᠂ ᠬᠠᠳᠠ ᠴᠢᠯᠠᠭᠤ ᠶᠢ ᠭᠥᠨᠳᠡᠭᠦ᠂ ᠠᠷᠢᠶᠠᠳᠠᠨ ᠠᠮᠢᠳᠠᠨ ᠢ ᠠᠩᠨᠠᠬᠤ ᠵᠠᠷᠭᠡ ᠶᠢ ᠴᠡᠭᠡᠷᠯᠡᠭᠦ︔ ᠲᠠᠭᠢᠯᠭᠠᠳᠤ ᠤᠪᠤᠭᠠᠨ ᠳᠤ ᠬᠤᠭ ᠨᠤᠪᠰᠢ᠂ ᠪᠤᠵᠠᠷ ᠶᠠᠭᠤᠮ᠎ᠠ ᠬᠠᠶᠠᠵᠤ ᠭᠡᠭᠡᠭᠦ ᠶᠢ ᠴᠡᠭᠡᠷᠯᠡᠳᠡᠭ᠃ ᠡᠨᠡ ᠨᠢ ᠲᠠᠭᠢᠯᠭᠠᠳᠤ ᠤᠪᠤᠭ᠎ᠠ ᠶᠢ ᠤᠡᠭᠭᠤᠨ ᠲᠠᠷᠬᠠᠨ ᠢᠶᠠᠷ ᠲᠡᠭᠡᠳᠤᠯᠡᠵᠥ᠂ ᠰᠢᠳᠥᠵᠥ ᠲᠠᠭᠢᠭᠰᠠᠨ ᠥᠵᠠᠯ ᠰᠠᠳᠭᠢᠯᠭᠡ ᠲᠠᠢ ᠬᠤᠯᠪᠤᠭ᠎ᠠ ᠲᠠᠢ ᠪᠥᠭᠡᠳ ᠮᠤᠩᠭᠤᠯᠴᠤᠳ ᠤᠨ ᠤᠡᠭᠭᠤᠨ ᠪᠠᠶᠢᠭᠠᠯᠢ ᠪᠠᠨ ᠬᠠᠮᠠᠭᠠᠯᠠᠬᠤ ᠥᠵᠠᠯ ᠰᠠᠳᠭᠢᠯᠭᠡ᠂ ᠥᠢᠯᠨ ᠠᠵᠢᠯᠯᠠᠭᠠᠨ ᠤ ᠪᠤᠳᠠᠳᠤ ᠢᠯᠠᠷᠠᠯ ᠪᠤᠯᠤᠨ᠎ᠠ᠃       ᠤᠪᠤᠭ᠎ᠠ ᠲᠠᠭᠢᠯᠭ᠎ᠠ ᠳᠤ ᠬᠠᠯᠠᠭᠤᠨ ᠲᠤᠮᠤᠭᠤ ᠲᠤᠰᠤᠭᠰᠠᠨ ᠪᠤᠶᠤ ᠬᠠᠯᠳᠠᠪᠤᠷᠢᠳᠤ ᠡᠪᠠᠳᠴᠢᠨ ᠲᠠᠢ ᠭᠥᠮᠥᠨ᠂ ᠰᠠᠷ᠎ᠠ ᠶᠢᠨ ᠭᠭᠢᠷ ᠢᠷᠡᠭᠰᠡᠨ ᠡᠮᠡᠭᠳᠠᠢ᠂ ᠤᠷᠤᠰᠢᠭᠤᠯᠭ᠎ᠠ ᠭᠠᠰᠢᠭᠤᠳᠠᠯ ᠳᠤ ᠤᠷᠤᠯᠴᠠᠭᠠᠳ ᠲᠥᠴᠢ ᠶᠢᠰᠤ ᠬᠤᠨᠤᠭᠠᠳᠤᠢ ᠬᠥᠮᠥᠨ ᠤᠷᠤᠯᠴᠠᠬᠤ ᠶᠢ ᠴᠡᠭᠡᠷᠯᠡᠭᠦ ᠠᠴᠠ ᠭᠠᠳᠠᠨ᠎ᠠ᠂ ᠶᠠᠯ᠎ᠠ ᠨᠢᠭᠦᠯ ᠭᠢᠭᠰᠡᠨ ᠭᠥᠮᠥᠨ ᠢ ᠰᠠᠳᠭᠢᠯ ᠤᠨ ᠪᠤᠵᠠᠷᠳᠤᠯ ᠲᠠᠢ ᠭᠡᠵᠥ ᠤᠪᠤᠭ᠎ᠠ ᠲᠠᠭᠢᠯᠭ᠎ᠠ ᠳᠤ ᠤᠷᠤᠯᠴᠠᠭᠤᠯᠳᠠᠭ ᠥᠭᠡᠢ ᠪᠠᠶᠢᠪᠠ᠃ ᠡᠷᠳᠠ ᠥᠶ᠎ᠠ ᠳᠤ ᠪᠠᠨ ᠤᠪᠤᠭ ᠠᠶᠢᠮᠠᠭ ᠢᠶᠠᠷ ᠢᠶᠠᠨ ᠲᠠᠭᠢᠳᠠᠭ ᠤᠪᠤᠭ᠎ᠠ ᠲᠠᠭᠢᠯᠭ᠎ᠠ ᠳᠤ ᠬᠠᠷᠢ ᠤᠪᠤᠭ ᠤᠨ ᠬᠢᠨ ᠤ ᠤᠷᠤᠯᠴᠠᠬᠤ ᠶᠢ ᠴᠢᠩᠭ᠎ᠠ ᠴᠡᠭᠡᠷᠯᠡᠳᠡᠭ ᠤᠯᠠᠮᠵᠢᠯᠠᠯ ᠲᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号