ᠤᠪᠤᠭᠠᠨ ᠤ ᠲᠥᠷᠥᠯ ᠵᠥᠢᠯ
ᠨᠡᠶᠢᠲᠡᠯᠡᠭᠰᠡᠨ ᠴᠠᠭ᠄
2020/3/18
     ᠤᠪᠤᠭ᠎ᠠ ᠨᠢ ᠡᠭᠦᠰᠤᠯ ᠭᠥᠭᠵᠢᠯ ᠤᠨ ᠶᠠᠪᠤᠴᠠ ᠳᠤ ᠪᠠᠨ ᠬᠤᠪᠢ ᠭᠥᠮᠥᠨ ᠤ ᠥᠵᠠᠯ ᠰᠠᠳᠭᠢᠯᠭᠡ᠂ ᠥᠢᠯᠨ ᠶᠤᠰᠤᠯᠠᠯ ᠤᠨ ᠢᠯᠠᠷᠭᠡᠶᠢᠯᠡᠯ ᠪᠤᠯᠤᠭᠰᠠᠨ ᠢᠶᠠᠷ ᠪᠠᠷᠠᠬᠤ ᠥᠭᠡᠢ᠂ ᠨᠠᠶᠢᠭᠡᠮ ᠤᠨ ᠠᠵᠢᠯᠯᠠᠭᠠᠨ ᠤ ᠭᠥᠷᠢᠶ᠎ᠠ ᠭᠡᠪᠴᠢᠶᠠᠨ ᠳᠤ ᠨᠠᠪᠳᠡᠷᠠᠨ ᠤᠷᠤᠵᠤ᠂ ᠥᠷᠭᠡᠨ ᠲᠠᠯᠭᠡᠷ ᠤᠳᠬ᠎ᠠ ᠠᠭᠤᠯᠭ᠎ᠠ ᠲᠠᠢ ᠪᠠᠷ ᠥᠷᠭᠡᠵᠢᠨ ᠲᠠᠯᠠᠰᠢᠷᠡᠭᠰᠡᠨ ᠪᠠᠶᠢᠳᠠᠯ ᠲᠠᠢ᠃ ᠲᠤᠬᠠᠢᠢᠯᠠᠪᠠᠯ᠂ ᠤᠪᠤᠭ᠎ᠠ ᠨᠢ ᠠᠩᠬ᠎ᠠ ᠡᠭᠢᠯᠡᠭᠡᠳ ᠵᠥᠭ ᠴᠢᠭ ᠤᠨ ᠢᠯᠭᠠᠯ ᠪᠤᠶᠤ ᠨᠤᠳᠤᠭ ᠪᠡᠯᠴᠢᠭᠡᠷ ᠤᠨ ᠲᠠᠮᠳᠡᠭ ᠤᠨ ᠬᠤᠪᠢ ᠪᠠᠷ ᠡᠭᠦᠰᠪᠥᠷᠢᠯᠠᠵᠤ᠂ ᠭᠥᠮᠥᠰ ᠤᠨ ᠰᠢᠳᠥᠯᠭᠡ ᠲᠡᠭᠡᠳᠤᠯᠡᠯ᠂ ᠪᠡᠯᠭᠡᠳᠠᠯ ᠵᠥᠡᠭᠨᠡᠯ ᠤᠨ ᠥᠵᠠᠯ ᠥᠢᠯᠠᠭᠠᠯᠳᠠ ᠲᠠᠢ ᠤᠶᠠᠯᠳᠤᠨ ᠲᠠᠭᠢᠯᠭ᠎ᠠ ᠶᠤᠰᠤᠯᠠᠯ ᠤᠨ ᠰᠢᠨᠵᠢ ᠲᠠᠢ ᠪᠠᠷ ᠤᠯᠠᠷᠢᠨ ᠬᠤᠪᠢᠷᠠᠬᠤ ᠳᠤ ᠪᠠᠨ ᠬᠤᠪᠢ ᠭᠥᠮᠥᠨ ᠤ ᠥᠢᠯᠨ ᠠᠵᠢᠯᠯᠠᠭ᠎ᠠ ᠠᠴᠠ ᠬᠠᠮᠳᠤ ᠨᠠᠶᠢᠳᠠ᠂ ᠴᠠᠭᠠᠰᠢᠯᠠᠭᠠᠳ ᠨᠠᠶᠢᠭᠡᠮ ᠤᠨ ᠠᠵᠢᠯᠯᠠᠭᠠᠨ ᠤ ᠭᠥᠷᠢᠶ᠎ᠠ ᠴᠡᠷᠠᠭ᠎ᠠ ᠳᠤ ᠨᠡᠪᠴᠢᠭᠰᠡᠨ ᠶᠠᠪᠤᠴᠠ ᠶᠢ ᠲᠠᠮᠵᠢᠬᠰᠠᠨ ᠪᠠᠶᠢᠨ᠎ᠠ᠃ ᠢᠢᠮᠥ ᠠᠴᠠ ᠤᠪᠤᠭ᠎ᠠ ᠶᠢᠨ ᠡᠭᠦᠰᠤᠯ ᠪᠥᠷᠢᠯᠳᠤᠯ᠂ ᠤᠯᠠᠷᠢᠯ ᠬᠤᠪᠢᠷᠠᠯ ᠤᠨ ᠶᠠᠪᠤᠴᠠ ᠪᠤᠯᠤᠨ ᠤᠪᠤᠭ᠎ᠠ ᠲᠠᠭᠢᠯᠭ᠎ᠠ ᠶᠢᠨ ᠬᠠᠨᠳᠤᠯᠭ᠎ᠠ ᠵᠤᠷᠢᠭᠤᠯᠤᠯᠳᠠ᠂ ᠭᠥᠷᠢᠶ᠎ᠠ ᠭᠡᠪᠴᠢᠶ᠎ᠠ ᠶᠢᠨ ᠪᠤᠳᠠᠳᠤ ᠪᠠᠶᠢᠳᠠᠯ ᠢ ᠥᠨᠳᠤᠰᠤᠯᠠᠪᠠᠯ᠂ ᠮᠤᠩᠭᠤᠯᠴᠤᠳ ᠤᠨ ᠤᠪᠤᠭ᠎ᠠ ᠶᠢᠨ ᠲᠥᠷᠥᠯ ᠵᠥᠢᠯ ᠢ ᠡᠩ ᠤᠨ ᠲᠠᠮᠳᠡᠭᠳᠤ ᠤᠪᠤᠭ᠎ᠠ᠂ ᠬᠤᠪᠢ ᠶᠢᠨ ᠲᠠᠭᠢᠯᠭᠠᠳᠤ ᠤᠪᠤᠭ᠎ᠠ᠂ ᠨᠠᠶᠢᠳᠠ ᠶᠢᠨ ᠲᠠᠭᠢᠯᠭᠠᠳᠤ ᠤᠪᠤᠭ᠎ᠠ ᠭᠡᠭᠦ ᠭᠡᠳᠤᠨ ᠲᠥᠷᠥᠯ ᠳᠤ ᠬᠤᠪᠢᠶᠠᠵᠤ ᠪᠤᠯᠤᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号