ᠪᠠᠶᠢᠭᠠᠯᠢ ᠶᠢᠨ ᠥᠵᠡᠭᠳᠠᠯ ᠠᠴᠠ ᠰᠤᠪᠢᠵᠥ ᠵᠥᠡᠭᠨᠡᠭᠦ
ᠨᠡᠶᠢᠲᠡᠯᠡᠭᠰᠡᠨ ᠴᠠᠭ᠄
2020/3/2
     ᠮᠤᠩᠭᠤᠯᠴᠤᠳ ᠪᠠᠶᠢᠭᠠᠯᠢ ᠶᠢᠨ ᠰᠤᠨᠢᠨ ᠥᠵᠡᠭᠳᠠᠯ ᠳᠤ ᠰᠤᠨᠢᠨ ᠲᠠᠶᠢᠯᠪᠤᠷᠢ ᠭᠢᠵᠥ ᠲᠥᠰᠥᠭᠡᠯᠡᠨ ᠵᠥᠡᠭᠨᠡᠳᠡᠭ ᠵᠠᠩᠰᠢᠯ ᠲᠠᠢ᠃ ᠲᠤᠬᠠᠢᠢᠯᠠᠪᠠᠯ᠂ ᠨᠠᠷᠠ ᠰᠠᠷᠠ ᠭᠥᠷᠢᠶᠡᠯᠡᠭᠦ ᠶᠢ ᠲᠡᠭᠷᠢ ᠭᠥᠢᠳᠡᠷᠡᠭᠦ᠂ ᠵᠤᠳ ᠪᠤᠯᠬᠤ᠂ ᠰᠠᠯᠭᠢ ᠲᠡᠭᠳᠡᠭᠦ ᠪᠠᠷ ᠲᠥᠰᠥᠭᠡᠯᠡᠭᠦ︔ ᠮᠠᠨᠳᠤᠬᠤ ᠨᠠᠷᠠ ᠤᠯᠠᠶᠢᠪᠠᠯ᠂ ᠪᠤᠷᠤᠭᠠᠨ ᠬᠤᠷ᠎ᠠ ᠶᠡᠭᠡᠰᠴᠤ᠂ ᠰᠢᠩᠭᠡᠭᠦ ᠨᠠᠷᠠ ᠤᠯᠠᠶᠢᠪᠠᠯ᠂ ᠭᠠᠩ ᠪᠤᠯᠬᠤ ᠪᠠᠷ ᠲᠥᠰᠥᠭᠡᠯᠡᠭᠦ︔ ᠰᠤᠯᠤᠩᠭ᠎ᠠ ᠲᠠᠳᠠᠬᠤ ᠳᠤ ᠪᠠᠨ ᠡᠭᠦᠯᠠ ᠨᠢ ᠰᠤᠯᠤᠩᠭ᠎ᠠ ᠪᠠᠨ ᠢᠳᠡᠪᠡᠯ᠂ ᠪᠤᠷᠤᠭᠠᠨ ᠵᠠᠯᠭᠠᠵᠤ ᠤᠷᠤᠬᠤ᠂ ᠰᠤᠯᠤᠩᠭ᠎ᠠ ᠨᠢ ᠡᠭᠦᠯᠠ ᠪᠠᠨ ᠢᠳᠡᠪᠡᠯ ᠪᠤᠷᠤᠭᠠᠨ ᠵᠤᠬᠰᠤᠬᠤ ᠪᠠᠷ ᠲᠥᠰᠥᠭᠡᠯᠡᠭᠦ︔ ᠤᠳᠤ ᠬᠠᠷᠪᠤᠬᠤ ᠶᠢ ᠭᠥᠮᠥᠨ ᠥᠭᠦᠵᠥ ᠪᠠᠶᠢᠬᠤ ᠪᠠᠷ ᠲᠠᠶᠢᠯᠪᠤᠷᠢᠯᠠᠬᠤ᠂ ᠱᠥᠭᠦᠷ ᠤᠳᠤ ᠢᠯᠡᠷᠡᠭᠦ ᠶᠢ ᠭᠢᠵᠢᠭ ᠡᠪᠠᠳᠴᠢᠨ ᠲᠠᠯᠭᠡᠷᠡᠭᠦ ᠪᠤᠶᠤ ᠲᠠᠶᠢᠨ ᠲᠠᠵᠢᠨ ᠡᠭᠦᠰᠭᠦ ᠪᠠᠷ ᠲᠥᠰᠥᠭᠡᠯᠡᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号