ᠤᠪᠤᠭᠠᠨ ᠤ ᠪᠥᠳᠥᠴᠠ ᠪᠠᠶᠢᠷᠢᠰᠢᠯ
ᠨᠡᠶᠢᠲᠡᠯᠡᠭᠰᠡᠨ ᠴᠠᠭ᠄
2020/4/12
      ᠮᠤᠩᠭᠤᠯᠴᠤᠳ ᠤᠪᠤᠭ᠎ᠠ ᠪᠤᠰᠬᠠᠬᠤ ᠳᠤ ᠪᠠᠨ ᠠᠳᠠᠯᠢ ᠪᠤᠰᠤ ᠭᠡᠯᠪᠡᠷᠢ ᠪᠠᠶᠢᠷᠢᠰᠢᠯ ᠢᠶᠠᠷ ᠪᠤᠰᠬᠠᠳᠠᠭ ᠵᠠᠩᠰᠢᠯ ᠲᠠᠢ᠃ ᠡᠭᠦᠨ ᠳᠤ᠂ ᠤᠪᠤᠭ᠎ᠠ ᠶᠢᠨ ᠲᠤᠭ᠎ᠠ ᠠᠳᠠᠯᠢ ᠥᠭᠡᠢ ᠪᠠᠶᠢᠳᠠᠭ ᠤᠨ ᠬᠠᠮᠳᠤ᠂ ᠤᠯᠠᠨ ᠤᠪᠤᠭ᠎ᠠ ᠶᠢ ᠨᠢᠭᠡ ᠲᠤᠤᠷ᠎ᠠ ᠪᠤᠰᠬᠠᠬᠰᠠᠨ ᠨᠢ ᠴᠤ ᠶᠠᠩᠵᠤ ᠪᠥᠷᠢ ᠶᠢᠨ ᠪᠠᠶᠢᠷᠢᠰᠢᠯ ᠢᠶᠠᠷ ᠲᠤᠭᠢᠷᠠᠭᠤᠯᠤᠭᠰᠠᠨ ᠶᠤᠮ᠃ ᠮᠤᠩᠭᠤᠯ ᠤᠷᠤᠨ ᠤ ᠠᠳᠠᠯᠢ ᠪᠤᠰᠤ ᠨᠤᠳᠤᠭ ᠲᠠᠬᠢ ᠤᠪᠤᠭ᠎ᠠ ᠶᠢ ᠶᠠᠷᠥᠩᠭᠡᠶᠢᠯᠡᠨ ᠠᠵᠢᠭᠯᠠᠬᠤ ᠳᠤ᠂ ᠨᠠᠯᠢᠶᠠᠳ ᠲᠥᠭᠡᠮᠡᠯ ᠴᠢᠨᠠᠷ ᠲᠠᠢ ᠨᠢ ᠭᠠᠭᠴᠠ ᠤᠪᠤᠭ᠎ᠠ᠂ ᠬᠤᠶᠠᠷ ᠤᠪᠤᠭ᠎ᠠ᠂ ᠭᠤᠷᠪᠠᠨ ᠤᠪᠤᠭ᠎ᠠ᠂ ᠲᠠᠪᠤᠨ ᠤᠪᠤᠭ᠎ᠠ᠂ ᠲᠤᠯᠤᠭᠠᠨ ᠤᠪᠤᠭ᠎ᠠ᠂ ᠶᠢᠰᠤᠨ ᠤᠪᠤᠭ᠎ᠠ᠂ ᠠᠷᠪᠠᠨ ᠭᠤᠷᠪᠠᠨ ᠤᠪᠤᠭ᠎ᠠ ᠭᠡᠭᠦ ᠵᠠᠷᠭᠡ ᠪᠤᠯᠤᠨ᠎ᠠ᠃ ᠡᠳᠡᠭᠡᠷ ᠤᠪᠤᠭ᠎ᠠ ᠶᠢᠨ ᠲᠤᠭ᠎ᠠ ᠨᠢ ᠠᠳᠠᠯᠢ ᠥᠭᠡᠢ ᠪᠠᠶᠢᠬᠤ ᠠᠴᠠ ᠭᠠᠳᠠᠨ᠎ᠠ᠂ ᠨᠠᠩ ᠴᠢᠬᠤᠯᠠ ᠢᠯᠭᠠᠭ᠎ᠠ ᠪᠤᠶᠤ ᠥᠪᠡᠷᠮᠢᠴᠠ ᠤᠨᠴᠠᠯᠢᠭ ᠨᠢ ᠤᠪᠤᠭ᠎ᠠ ᠶᠢᠨ ᠪᠠᠶᠢᠷᠢᠰᠢᠯ ᠳᠤ ᠢᠯᠠᠷᠠᠵᠤ ᠪᠠᠶᠢᠳᠠᠭ᠃ ᠡᠨᠡ ᠨᠢ ᠮᠤᠩᠭᠤᠯᠴᠤᠳ ᠤᠨ ᠲᠤᠭᠠᠨ ᠤ ᠪᠡᠯᠭᠡᠳᠠᠯ᠂ ᠲᠥᠷᠰᠤ ᠶᠢᠨ ᠪᠡᠯᠭᠡᠳᠠᠯ᠂ ᠵᠥᠭ ᠴᠢᠭ ᠤᠨ ᠪᠡᠯᠭᠡᠳᠠᠯ ᠥᠢᠯᠠᠭᠠᠯᠳᠠ ᠲᠠᠢ ᠨᠢᠭᠳᠠ ᠬᠠᠷᠢᠴᠠᠭ᠎ᠠ ᠲᠠᠢ ᠥᠪᠡᠷᠮᠢᠴᠠ ᠰᠤᠶᠤᠯ ᠰᠠᠳᠭᠢᠴᠠ ᠠᠴᠠ ᠰᠢᠯᠳᠠᠭᠠᠯᠠᠭᠳᠠᠭᠰᠠᠨ ᠶᠤᠮ᠃ ᠡᠭᠦᠨ ᠠᠴᠠ ᠭᠠᠳᠠᠨ᠎ᠠ᠂ ᠮᠤᠩᠭᠤᠯ ᠨᠤᠳᠤᠭ ᠲᠤ ᠪᠠᠰᠠ ᠤᠨᠴᠠᠭᠠᠢ ᠲᠤᠷᠠᠰᠬᠠᠯ ᠲᠠᠢ ᠪᠤᠶᠤ ᠲᠤᠰᠬᠠᠢ ᠵᠤᠷᠢᠭᠤᠯᠤᠯᠳᠠ ᠲᠠᠢ ᠬᠤᠷᠢᠨ ᠲᠤᠯᠤᠭᠠᠨ ᠤᠪᠤᠭ᠎ᠠ᠂ ᠭᠤᠴᠢᠨ ᠭᠤᠷᠪᠠᠨ ᠤᠪᠤᠭ᠎ᠠ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号