ᠴᠠᠭᠠᠨ ᠰᠥᠯᠳᠠ ᠶᠢᠨ ᠶᠡᠭᠡ ᠪᠠᠭ᠎ᠠ ᠲᠠᠭᠢᠯᠭ᠎ᠠ
ᠨᠡᠶᠢᠲᠡᠯᠡᠭᠰᠡᠨ ᠴᠠᠭ᠄
2020/5/20
ᠴᠠᠭᠠᠨ ᠰᠥᠯᠳᠠ ᠶᠢᠨ ᠶᠡᠭᠡ ᠪᠠᠭ᠎ᠠ ᠲᠠᠭᠢᠯᠭ᠎ᠠ     ᠴᠠᠭᠠᠨ ᠰᠥᠯᠳᠠ ᠶᠢᠨ ᠶᠡᠭᠡ ᠲᠠᠭᠢᠯᠭ᠎ᠠ   ᠴᠠᠭᠠᠨ ᠰᠥᠯᠳᠠ ᠶᠢᠨ ᠶᠡᠭᠡ ᠲᠠᠭᠢᠯᠭ᠎ᠠ ᠶᠢ ᠪᠠᠰᠠ ᠴᠠᠭᠠᠨ ᠰᠥᠯᠳᠠ ᠶᠢᠨ ᠲᠤᠭᠰᠢᠭᠤᠯᠬᠤ ᠲᠠᠭᠢᠯᠭ᠎ᠠ ᠭᠡᠳᠡᠭ᠃ ᠲᠤᠰ ᠲᠠᠭᠢᠯᠭ᠎ᠠ ᠶᠢ ᠯᠤᠤ ᠵᠢᠯ ᠤᠨ ᠠᠷᠪᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠨᠠᠯᠢᠶᠠᠳ ᠶᠡᠭᠡ ᠭᠡᠮᠵᠢᠶᠠᠨ ᠳᠤ ᠭᠢᠳᠡᠭ᠃ ᠴᠠᠭᠠᠨ ᠰᠥᠯᠳᠠ ᠶᠢᠨ ᠶᠡᠭᠡ ᠲᠠᠭᠢᠯᠭ᠎ᠠ ᠳᠤ᠂ ᠥᠳᠭᠡ ᠰᠢᠭᠦᠰᠤᠨ ᠳᠤ ᠪᠠᠯᠡᠳᠭᠡᠭᠰᠡᠨ ᠮᠠᠯ ᠤᠨ ᠴᠢᠰᠤ ᠢᠯᠠ ᠪᠠᠶᠢᠬᠤ ᠶᠢ ᠴᠡᠭᠡᠷᠯᠡᠭᠦ᠂ ᠶᠢᠰᠤᠨ ᠲᠤᠭᠴᠢᠨ ᠴᠠᠭᠠᠨ ᠰᠥᠯᠳᠠ ᠪᠠᠨ ᠲᠠᠮᠨᠠᠵᠤ ︽ᠠᠷᠤ ᠬᠠᠨᠭ᠍ᠭᠠᠢ᠂ ᠠᠯᠳᠠᠨ ᠲᠥᠰᠢ ᠳᠤ ᠪᠠᠨ︾ ᠭᠡᠵᠥ ᠬᠤᠶᠢᠰᠢ ᠬᠠᠨᠳᠤᠵᠤ ᠬᠠᠰᠭᠢᠷᠬᠤ᠂ ᠲᠤᠯᠢ ᠪᠠᠷ ᠭᠡᠷᠠᠯ ᠤᠨ ᠰᠠᠩ ᠲᠠᠯᠪᠢᠬᠤ᠂ ᠲᠠᠭᠢᠯᠭ᠎ᠠ ᠲᠡᠭᠦᠰᠭᠦ ᠥᠶ᠎ᠠ ᠳᠤ ︽ᠵᠤᠯᠢᠭ ᠲᠤ ᠭᠠᠷᠭᠠᠬᠤ︾ ᠵᠠᠷᠭᠡ ᠶᠤᠰᠤᠯᠠᠯ ᠥᠢᠯᠨ ᠭᠥᠢᠴᠡᠳᠭᠡᠭᠦ ᠪᠠᠷ ᠢᠶᠠᠨ ᠥᠪᠡᠷᠮᠢᠴᠠ ᠪᠠᠶᠢᠳᠠᠭ᠃     ᠴᠠᠭᠠᠨ ᠰᠥᠯᠳᠠ ᠶᠢᠨ ᠪᠠᠭ᠎ᠠ ᠲᠠᠭᠢᠯᠭ᠎ᠠ   ᠴᠠᠭᠠᠨ ᠰᠥᠯᠳᠠ ᠶᠢᠨ ᠪᠠᠭ᠎ᠠ ᠲᠠᠭᠢᠯᠭ᠎ᠠ ᠶᠢ ᠪᠢᠯᠢᠭ ᠤᠨ ᠤᠯᠠᠷᠢᠯ ᠤᠨ ᠴᠠᠭᠠᠨ ᠰᠠᠷ᠎ᠠ ᠶᠢᠨ ᠰᠢᠨ᠎ᠠ ᠶᠢᠨ ᠨᠢᠭᠡᠨ᠂ ᠰᠢᠨ᠎ᠠ ᠶᠢᠨ ᠭᠤᠷᠪᠠᠨ᠂ ᠲᠠᠪᠤᠨ ᠰᠠᠷ᠎ᠠ ᠶᠢᠨ ᠰᠢᠨ᠎ᠠ ᠶᠢᠨ ᠭᠤᠷᠪᠠᠨ᠂ ᠵᠢᠷᠭᠤᠭᠠᠨ ᠰᠠᠷ᠎ᠠ ᠶᠢᠨ ᠰᠢᠨ᠎ᠠ ᠶᠢᠨ ᠭᠤᠷᠪᠠᠨ᠂ ᠲᠤᠯᠤᠭᠠᠨ ᠰᠠᠷ᠎ᠠ ᠶᠢᠨ ᠰᠢᠨ᠎ᠠ ᠶᠢᠨ ᠭᠤᠷᠪᠠᠨ᠂ ᠠᠷᠪᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠠᠳᠠᠯᠢ ᠪᠤᠰᠤ ᠤᠪᠤᠭ ᠤᠭᠰᠠᠭᠠᠨ ᠤ ᠬᠢᠨ ᠲᠠᠭᠢᠵᠥ ᠪᠠᠶᠢᠪᠠ᠃       ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳᠤ᠂ ᠲᠤᠭᠴᠢᠨ ᠤᠪᠤᠭᠳᠠᠨ ᠥᠷ ᠢᠶᠠᠷ ᠪᠤᠰᠴᠤ᠂ ᠰᠢᠨ᠎ᠠ ᠶᠢᠨ ᠲᠡᠭᠡᠵᠢ ᠡᠷᠭᠦᠵᠥ᠂ ᠰᠠᠴᠤᠯᠢ ᠰᠠᠴᠤᠨ᠂ ᠲᠤᠩ ᠥᠯᠢᠶᠠᠵᠤ᠂ ︽ᠴᠠᠭᠠᠨ ᠰᠥᠯᠳᠠ ᠶᠢᠨ ᠰᠠᠩ︾ ᠤᠡᠭᠰᠢᠵᠥ᠂ ᠰᠥᠯᠳᠠ ᠳᠤ ᠭᠤᠷᠪᠠ ᠮᠥᠷᠭᠦᠵᠥ ᠲᠠᠭᠢᠯᠭ᠎ᠠ ᠶᠢᠨ ᠶᠤᠰᠤᠯᠠᠯ ᠥᠢᠯᠨ ᠭᠢᠳᠡᠭ᠃        ᠴᠠᠭᠠᠨ ᠰᠠᠷ᠎ᠠ ᠶᠢᠨ ᠰᠢᠨ᠎ᠠ ᠶᠢᠨ ᠭᠤᠷᠪᠠᠨ ᠳᠤ᠂ ᠲᠤᠭᠴᠢᠨ ᠤᠪᠤᠭᠳᠠᠨ ᠴᠠᠭᠠᠨ ᠢᠳᠡᠭᠡᠨ᠂ ᠵᠠᠩᠰᠠ ᠪᠤᠭᠤᠷᠰᠤᠭ᠂ ᠰᠢᠭᠢᠷ᠂ ᠪᠤᠷᠠᠮ᠂ ᠥᠵᠥᠮ᠂ ᠴᠢᠪᠠᠭ᠎ᠠ ᠪᠠᠷ ᠴᠠᠭᠠᠨ ᠰᠥᠯᠳᠠ ᠶᠢᠨ ᠬᠠᠪᠤᠷ ᠤᠨ ᠲᠠᠭᠢᠯᠭ᠎ᠠ ᠭᠢᠳᠡᠭ᠃         ᠲᠠᠪᠤᠨ ᠰᠠᠷ᠎ᠠ ᠶᠢᠨ ᠰᠢᠨ᠎ᠠ ᠶᠢᠨ ᠭᠤᠷᠪᠠᠨ ᠳᠤ᠂ ᠴᠠᠬᠠᠷ ᠬᠠᠷᠢᠶᠠᠨ ᠤ ᠶᠡᠭᠡ ᠰᠤᠮᠤ ᠶᠢᠨ ᠬᠢᠨ ᠨᠢᠭᠡ ᠬᠤᠨᠢᠨ ᠥᠳᠭᠡ ᠪᠠᠷ ᠴᠠᠭᠠᠨ ᠰᠥᠯᠳᠠ ᠶᠢᠨ ᠵᠤᠨ ᠤ ᠲᠠᠭᠢᠯᠭ᠎ᠠ ᠭᠢᠳᠡᠭ᠃        ᠵᠢᠷᠭᠤᠭᠠᠨ ᠰᠠᠷ᠎ᠠ ᠶᠢᠨ ᠰᠢᠨ᠎ᠠ ᠶᠢᠨ ᠭᠤᠷᠪᠠᠨ ᠳᠤ᠂ ᠭᠤᠷᠪᠠᠳᠤᠭᠠᠷ ᠰᠤᠮᠤ ᠶᠢᠨ ᠬᠢᠨ ᠨᠢᠭᠡ ᠬᠤᠨᠢᠨ ᠥᠳᠭᠡ ᠪᠠᠷ ᠴᠠᠭᠠᠨ ᠰᠥᠯᠳᠠ ᠶᠢᠨ ᠨᠠᠮᠤᠷ ᠤᠨ ᠲᠠᠭᠢᠯᠭ᠎ᠠ ᠭᠢᠳᠡᠭ᠃         ᠠᠷᠪᠠᠨ ᠰᠠᠷ᠎ᠠ ᠶᠢᠨ ᠰᠢᠨ᠎ᠠ ᠶᠢᠨ ᠭᠤᠷᠪᠠᠨ ᠳᠤ᠂ ᠵᠤᠯᠵᠠᠭᠠᠨ ᠰᠤᠮᠤ ᠶᠢᠨ ᠬᠢᠨ ᠨᠢᠭᠡ ᠬᠤᠨᠢᠨ ᠥᠳᠭᠡ ᠪᠠᠷ ᠴᠠᠭᠠᠨ ᠰᠥᠯᠳᠠ ᠶᠢᠨ ᠡᠪᠤᠯ ᠤᠨ ᠲᠠᠭᠢᠯᠭ᠎ᠠ ᠭᠢᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号