ᠰᠠᠭᠠᠩ ᠰᠠᠴᠠᠨ ᠤ ᠲᠠᠭᠢᠯᠭ᠎ᠠ
ᠨᠡᠶᠢᠲᠡᠯᠡᠭᠰᠡᠨ ᠴᠠᠭ᠄
2020/5/25
     ᠰᠠᠭᠠᠩ ᠰᠠᠴᠠᠨ ᠪᠤᠯ ᠬᠤᠳᠤᠭᠳᠠᠢ ᠰᠠᠴᠠᠨ ᠬᠤᠩ ᠲᠠᠶᠢᠵᠢ ᠶᠢᠨ ᠤᠮᠪᠤᠯᠤ ᠭᠥᠥ᠂ ᠮᠤᠩᠭᠤᠯ ᠲᠠᠥᠭᠡ ᠶᠢᠨ ᠠᠯᠳᠠᠷᠳᠤ ᠲᠤᠯᠭᠤᠷ ᠪᠢᠴᠢᠭ ︽ᠬᠠᠳ ᠤᠨ ᠥᠨᠳᠤᠰᠤᠨ ᠤ ᠡᠷᠳᠠᠨᠢ ᠶᠢᠨ ᠲᠤᠪᠴᠢ︾ ᠶᠢᠨ ᠵᠤᠭᠢᠶᠠᠭᠴᠢ ᠪᠤᠯᠤᠨ᠎ᠠ᠃ ᠰᠠᠭᠠᠩ ᠰᠠᠴᠠᠨ ᠬᠤᠩ ᠲᠠᠶᠢᠵᠢ ᠶᠢᠨ ᠤᠡᠭᠭᠤᠨ ᠢ ᠤᠷᠳᠤᠰ ᠤᠨ ᠥᠤᠰᠢᠨ ᠬᠤᠰᠢᠭᠤᠨ ᠤ ᠡᠮᠥᠨ᠎ᠠ ᠪᠠᠶ᠎ᠠ᠂ ᠤᠳᠤ ᠶᠢᠨ ᠱᠠᠨᠰᠢ ᠮᠤᠵᠢ ᠶᠢᠨ ᠲᠠᠮᠡᠭᠡᠳᠤ ᠰᠢᠶᠠᠨ ᠤ ᠯᠠᠮᠠ ᠶᠢᠨ ᠴᠠᠶᠢᠳᠠᠮ ᠭᠠᠴᠠᠭ᠎ᠠ ᠶᠢᠨ ᠪᠤᠳᠤᠩ ᠭᠡᠮᠡᠭᠦ ᠭᠠᠵᠠᠷ ᠤᠷᠳᠤᠰ ᠮᠤᠩᠭᠤᠯᠴᠤᠳ ᠲᠠᠭᠢᠵᠥ ᠢᠷᠡᠭᠰᠡᠨ ᠪᠠᠶᠢᠨ᠎ᠠ᠃ ᠰᠠᠭᠠᠩ ᠰᠠᠴᠠᠨ ᠤ ᠤᠡᠭᠭᠤᠨ ᠢ ᠯᠠᠮᠠ ᠶᠢᠨ ᠴᠠᠶᠢᠳᠠᠮ ᠭᠡᠭᠦ ᠭᠠᠵᠠᠷ ᠤᠷᠤᠰᠢᠭᠤᠯᠵᠤ ︽ᠪᠤᠮᠪᠠᠨ ᠰᠤᠪᠤᠷᠭ᠎ᠠ︾ ᠪᠤᠰᠬᠠᠭᠰᠠᠨ ᠲᠤᠯᠠ ︽ᠪᠤᠳᠤᠩ ᠤᠨ ᠤᠡᠭᠭᠤᠨ︾ ᠭᠡᠵᠥ ᠪᠠᠰᠠ ᠨᠠᠷᠠᠯᠡᠳᠡᠭ᠃ ᠲᠠᠭᠢᠯᠭ᠎ᠠ ᠶᠢ ︽ᠲᠤᠰᠬᠠᠢ ᠲᠠᠶᠢᠭᠠᠳ︾ ᠭᠡᠳᠡᠭ ᠭᠥᠮᠥᠨ ᠬᠠᠷᠢᠭᠤᠴᠠᠨ ᠬᠥᠢᠴᠡᠳᠭᠡᠵᠥ ᠪᠠᠶᠢᠵᠠᠢ᠃       ᠰᠠᠭᠠᠩ ᠰᠠᠴᠠᠨ ᠤ ᠲᠠᠭᠢᠯᠭ᠎ᠠ ᠶᠢ ᠵᠢᠯ ᠪᠥᠷᠢ ᠶᠢᠨ ᠴᠠᠭᠠᠨ ᠰᠠᠷ᠎ᠠ ᠶᠢᠨ ᠰᠢᠨ᠎ᠠ ᠶᠢᠨ ᠭᠤᠷᠪᠠᠨ ᠭᠢᠭᠡᠳ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠬᠤᠶᠠᠷ ᠤᠳᠠᠭ᠎ᠠ ᠶᠡᠭᠡ ᠲᠠᠭᠢᠯᠭ᠎ᠠ ᠭᠢᠳᠡᠭ᠃ ᠪᠠᠰᠠ ᠡᠩ ᠤᠨ ᠡᠳᠤᠷ ᠤᠨ ᠲᠠᠭᠢᠯᠭ᠎ᠠ ᠪᠠ ᠤᠨᠴᠠ ᠵᠠᠷᠢᠮ ᠭᠡᠷᠡᠭ ᠤᠴᠢᠷ ᠲᠤᠭᠢᠶᠠᠯᠳᠤᠪᠠᠯ ᠡᠳᠤᠷ ᠰᠤᠩᠭᠤᠵᠤ ᠲᠠᠭᠢᠯᠭ᠎ᠠ ᠶᠠᠪᠤᠭᠤᠯᠳᠠᠭ᠃ ᠲᠠᠭᠢᠯᠭ᠎ᠠ ᠶᠠᠪᠤᠭᠤᠯᠬᠤ ᠳᠤ ᠪᠠᠨ ᠲᠤᠰᠬᠠᠢ ᠲᠠᠶᠢᠭᠠᠳ ᠨᠠᠷ ᠲᠠᠶᠢᠯᠭ᠎ᠠ ᠶᠢᠨ ᠥᠳᠭᠡ ᠰᠢᠭᠦᠰᠤ᠂ ᠡᠳ᠋ᠯᠡᠯ ᠭᠡᠷᠡᠭᠰᠡᠯ ᠢ ᠪᠥᠷᠢᠨ ᠪᠠᠯᠠᠳᠭᠡᠵᠥ ᠠᠷᠢᠭᠤᠯᠠᠭᠠᠳ᠂ ᠤᠯᠠᠨ ᠢ ᠲᠠᠭᠠᠭᠤᠯᠤᠨ ᠰᠥᠭᠦᠳᠴᠤ ᠭᠡᠰᠢᠭ ᠡᠷᠭᠦᠭᠡᠳ᠂ ᠲᠤᠯᠤᠭ ᠢᠰᠡᠭᠡᠢ ᠲᠡᠭᠡᠷ᠎ᠠ ᠭᠤᠷᠪᠠᠨᠳᠠ ᠰᠥᠭᠦᠳᠴᠤ ᠶᠢᠰᠤᠨᠳᠠ ᠵᠠᠯᠪᠠᠷᠢᠨ ᠮᠥᠷᠭᠦᠵᠥ᠂ ᠵᠠᠯᠠᠯᠭ᠎ᠠ ᠥᠴᠢᠭ ᠥᠴᠢᠳᠡᠭ᠃ ᠡᠭᠦᠨ ᠤ ᠲᠠᠷᠠᠭ᠎ᠠ ︽ᠶᠡᠭᠡ ᠲᠠᠭᠠᠳᠬᠠᠯ︾ ᠠᠶᠢᠯᠠᠳᠴᠤ ᠪᠠᠷᠠᠭᠠᠳ᠂ ᠰᠠᠭᠢᠭᠤᠯᠰᠤᠨ ᠡᠵᠠᠨ ᠳᠤ ᠪᠠᠨ ᠶᠢᠰᠤᠨᠳᠠ ᠬᠤᠨᠳᠠᠭ᠎ᠠ ᠲᠠᠪᠰᠢᠭᠦᠯᠳᠡᠭ᠃ ᠢᠡᠭᠭᠢᠭᠡᠳ ᠰᠠᠭᠠᠩ ᠰᠠᠴᠠᠨ ᠤ ᠬᠤᠶᠢᠴᠢᠰ ᠭᠡᠷ ᠤᠨ ᠥᠶ᠎ᠠ ᠶᠢᠨ ᠪᠢᠴᠢᠭ ᠢᠶᠠᠨ ᠤᠡᠭᠰᠢᠳᠠᠭ᠃ ᠡᠷᠭᠦᠯ ᠮᠥᠷᠭᠦᠯ ᠪᠠᠷᠠᠪᠠᠯ᠂ ᠡᠷᠭᠦᠴᠠ ᠰᠢᠭᠦᠰᠤ ᠶᠢ ᠲᠠᠶᠠᠭᠠᠷ ᠬᠤᠪᠢᠶᠠᠯᠴᠠᠨ ᠢᠳᠡᠵᠥ᠂ ᠡᠴᠤᠰ ᠲᠤ ᠡᠷ᠎ᠠ ᠶᠢᠨ ᠭᠤᠷᠪᠠᠨ ᠨᠠᠭᠠᠳᠤᠮ ᠭᠢᠵᠥ᠂ ᠱᠠᠩ ᠭᠡᠰᠢᠭ ᠭᠥᠷᠳᠡᠭᠡᠭᠡᠳ ᠲᠠᠭᠢᠯᠭ᠎ᠠ ᠲᠡᠭᠦᠰᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号