ᠪᠥᠭᠡ ᠪᠡᠯᠭᠦᠳᠠᠢ ᠶᠢᠨ ᠲᠠᠭᠢᠯᠭ᠎ᠠ
ᠨᠡᠶᠢᠲᠡᠯᠡᠭᠰᠡᠨ ᠴᠠᠭ᠄
2020/5/26
      ᠪᠥᠭᠡ ᠪᠡᠯᠭᠦᠳᠠᠢ ᠶᠢᠨ ᠲᠠᠭᠢᠯᠭ᠎ᠠ ᠶᠢ ᠤᠷᠳᠤᠰ ᠤᠨ ᠤᠳᠤᠭ ᠬᠤᠰᠢᠭᠤᠨ ᠤ ᠡᠷᠭᠢᠳᠤ ᠰᠤᠮᠤᠨ ᠤ ᠡᠷᠢᠶᠠᠨ ᠲᠤᠯᠤᠭᠠᠢ ᠭᠡᠳᠡᠭ ᠭᠠᠵᠠᠷ ᠴᠤᠮᠴᠤᠭ ᠤᠷᠳᠤᠨ ᠳᠤ ᠭᠢᠳᠡᠭ᠃ ᠭᠤᠤᠯ ᠰᠢᠳᠥᠭᠡᠨ ᠨᠢ ᠪᠥᠭᠡ ᠪᠡᠯᠭᠦᠳᠠᠢ ᠶᠢᠨ ᠭᠥᠷᠥᠭ ᠪᠤᠯᠤᠨ ᠨᠤᠮ ᠰᠤᠳᠤᠷ ᠪᠤᠯᠤᠨ᠎ᠠ᠃ ᠪᠥᠭᠡ ᠪᠡᠯᠭᠦᠳᠠᠢ ᠶᠢᠨ ᠲᠠᠭᠢᠯᠭ᠎ᠠ ᠨᠢ ᠡᠳᠤᠷ ᠤᠨ ᠲᠠᠭᠢᠯᠭ᠎ᠠ᠂ ᠰᠠᠷ᠎ᠠ ᠶᠢᠨ ᠲᠠᠭᠢᠯᠭ᠎ᠠ ᠭᠡᠵᠥ ᠪᠠᠶᠢᠳᠠᠭ᠃       ᠪᠥᠭᠡ ᠪᠡᠯᠭᠦᠳᠠᠢ ᠶᠢᠨ ᠡᠳᠤᠷ ᠤᠨ ᠲᠠᠭᠢᠯᠭ᠎ᠠ ᠶᠢ ᠪᠠᠰᠠ ᠡᠩ ᠤᠨ ᠲᠠᠭᠢᠯᠭ᠎ᠠ ᠭᠡᠳᠡᠭ᠃ ᠡᠩ ᠤᠨ ᠲᠠᠭᠢᠯᠭ᠎ᠠ ᠶᠢ ᠵᠢᠰᠢᠶᠠᠨ ᠳᠤ ᠰᠠᠭᠤᠭᠰᠠᠨ ᠵᠤᠮᠤ ᠶᠠᠮᠤᠳᠤ ᠨᠠᠷ ᠭᠥᠢᠴᠡᠳᠭᠡᠳᠡᠭ᠃ ᠡᠳᠤᠷ ᠪᠥᠷᠢ ᠤᠷᠭᠤᠬᠤ ᠨᠠᠷᠠᠨ ᠠᠴᠠ ᠡᠮᠥᠨ᠎ᠠ ᠪᠤᠰᠴᠤ᠂ ᠴᠤᠮᠴᠤᠭ ᠤᠷᠳᠤᠨ ᠤ ᠭᠠᠳᠠᠨ᠎ᠠ ᠲᠤᠳᠤᠨᠠᠭᠢ ᠶᠢ ᠴᠡᠪᠡᠷᠯᠡᠵᠥ᠂ ᠰᠢᠨ᠎ᠠ ᠭᠠᠯ ᠤᠨ ᠴᠤᠭ ᠢᠶᠠᠷ ᠠᠷᠴᠠ᠂ ᠭᠥᠵᠢ ᠠᠰᠠᠭᠠᠵᠤ ᠰᠠᠩ ᠲᠠᠯᠪᠢᠭᠠᠳ᠂ ᠰᠢᠳᠥᠭᠡᠨ ᠳᠤ ᠪᠠᠨ ᠮᠥᠷᠭᠦᠵᠥ᠂ ︽ᠡᠵᠠᠨ ᠰᠠᠩ︾ ᠤᠡᠭᠰᠢᠳᠠᠭ᠃ ᠡᠳᠤᠷ ᠪᠥᠷᠢ ᠶᠢᠨ ᠲᠠᠭᠢᠯᠭ᠎ᠠ ᠳᠤ ᠰᠠᠷᠬᠤᠳ᠂ ᠴᠠᠢ᠂ ᠰᠥ᠋ ᠶᠢ ᠲᠤᠰᠪᠥᠷᠢ ᠭᠤᠷᠪᠠᠨ ᠲᠠᠭᠢᠯ ᠢᠶᠠᠷ ᠶᠢᠰᠤ ᠡᠷᠭᠦᠳᠡᠭ᠃       ᠪᠥᠭᠡ ᠪᠡᠯᠭᠦᠳᠠᠢ ᠶᠢᠨ ᠰᠠᠷ᠎ᠠ ᠶᠢᠨ ᠲᠠᠭᠢᠯᠭ᠎ᠠ ᠳᠤ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠤ ᠲᠠᠭᠢᠯᠭ᠎ᠠ᠂ ᠲᠥᠷᠪᠡᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ᠂ ᠲᠠᠪᠤᠨ ᠰᠠᠷ᠎ᠠ ᠶᠢᠨ ᠰᠢᠨ᠎ᠠ ᠶᠢᠨ ᠨᠢᠭᠡᠨ ᠤ ᠲᠠᠭᠢᠯᠭ᠎ᠠ᠂ ᠵᠢᠷᠭᠤᠭᠠᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ᠂ ᠠᠷᠪᠠᠨ ᠰᠠᠷ᠎ᠠ ᠶᠢᠨ ᠰᠢᠨ᠎ᠠ ᠶᠢᠨ ᠬᠤᠶᠠᠷ ᠤᠨ ᠲᠠᠭᠢᠯᠭ᠎ᠠ ᠵᠠᠷᠭᠡ ᠪᠠᠶᠢᠳᠠᠭ᠃       ᠭᠤᠷᠪᠠᠨ ᠰᠠᠷ᠎ᠠ ᠶᠢᠨ ᠬᠤᠷᠢᠨ ᠨᠢᠭᠡᠨ ᠤ ᠲᠠᠭᠢᠯᠭ᠎ᠠ ᠨᠢ ᠴᠠᠭᠠᠨ ᠰᠥᠷᠥᠭ ᠤᠨ ᠲᠠᠭᠢᠯᠭ᠎ᠠ ᠪᠤᠯᠤᠨ᠎ᠠ᠃ ᠲᠤᠰ ᠡᠳᠤᠷ ᠤᠨ ᠲᠠᠭᠢᠯᠭ᠎ᠠ ᠳᠤ ᠪᠥᠭᠡ ᠪᠡᠯᠭᠦᠳᠠᠢ ᠶᠢᠨ ᠭᠥᠷᠥᠭ ᠲᠤ ᠨᠢᠭᠡ ᠵᠤᠯᠠ ᠡᠷᠭᠦᠵᠥ᠂ ᠮᠥᠷᠭᠦᠭᠰᠡᠨ ᠤ ᠲᠠᠷᠠᠭ᠎ᠠ᠂ ᠭᠠᠳᠠᠨ᠎ᠠ ᠰᠢᠷᠡᠭᠡ ᠲᠠᠯᠪᠢᠵᠤ᠂ ᠲᠤᠯᠤᠭ᠎ᠠ ᠲᠤᠯᠤᠭ᠎ᠠ ᠪᠠᠷ ᠭᠤᠷᠪᠠᠨ ᠮᠥᠷ ᠨᠠᠶᠢᠳᠠ ᠬᠤᠷᠢᠨ ᠨᠢᠭᠡᠨ ᠲᠠᠭᠢᠯ ᠳᠤ ᠠᠶᠢᠷᠠᠭ ᠪᠤᠶᠤ ᠰᠥ᠋ ᠭᠢᠵᠥ᠂ ᠭᠤᠷᠪᠠ ᠮᠥᠷᠭᠦᠭᠡᠳ᠂ ᠬᠤᠷᠢᠨ ᠨᠢᠭᠡᠨ ᠲᠠᠭᠢᠯ ᠰᠥ᠋ ᠶᠢᠨ ᠰᠠᠴᠤᠯᠢ ᠡᠷᠭᠦᠳᠡᠭ᠃ ᠭᠤᠷᠪᠠᠨ ᠮᠥᠷ ᠲᠠᠭᠢᠯ ᠨᠢ ᠭᠤᠷᠪᠠᠨ ᠰᠠᠷ᠎ᠠ ᠶᠢ ᠲᠥᠯᠥᠭᠡᠯᠡᠵᠥ᠂ ᠬᠤᠷᠢᠨ ᠨᠢᠭᠡᠨ ᠲᠠᠭᠢᠯ ᠨᠢ ᠬᠤᠷᠢᠨ ᠨᠢᠭᠡᠨ ᠤ ᠡᠳᠤᠷ ᠢ ᠲᠥᠯᠥᠭᠡᠯᠡᠨ ᠪᠡᠯᠭᠡᠳᠡᠳᠡᠭ᠃       ᠲᠥᠷᠪᠡᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ ᠶᠢ ᠪᠥᠭᠡ ᠪᠡᠯᠭᠦᠳᠠᠢ ᠶᠢᠨ ᠰᠠᠭᠠᠯᠢ ᠶᠢᠨ ᠲᠠᠭᠢᠯᠭ᠎ᠠ ᠭᠡᠳᠡᠭ᠃ ᠰᠠᠭᠠᠯᠢ ᠶᠢᠨ ᠲᠠᠭᠢᠯᠭ᠎ᠠ ᠨᠢ ᠰᠢᠨ᠎ᠠ ᠰᠠᠭᠠᠯᠢ ᠪᠠᠷ ᠠᠩᠬ᠎ᠠ ᠨᠠᠷᠡᠭᠰᠡᠨ ᠬᠤᠷᠢᠨ ᠨᠢᠭᠡᠨ ᠲᠤᠭᠤᠭᠠᠨ ᠤ ᠰᠠᠷᠬᠤᠳ ᠤᠨ ᠲᠡᠭᠡᠵᠢ ᠪᠠᠷ ᠲᠠᠭᠢᠯ ᠡᠷᠭᠦᠭᠦ ᠶᠢ ᠭᠡᠯᠡᠳᠡᠭ᠃ ᠰᠠᠴᠤᠯᠢ ᠶᠢᠨ ᠲᠠᠭᠢᠯᠭ᠎ᠠ ᠳᠤ ᠲᠠᠶᠢᠰᠢ᠂ ᠵᠠᠰᠠᠭᠤᠯ᠂ ᠢᠷᠥᠭᠡᠯᠴᠢ᠂ ᠴᠡᠷᠭᠢᠴᠢ᠂ ᠮᠠᠩᠯᠠᠢ᠂ ᠭᠠᠯᠴᠢ ᠲᠤᠰᠪᠥᠷᠢ ᠨᠢᠭᠡ ᠭᠥᠮᠥᠨ ᠤᠷᠤᠯᠴᠠᠵᠤ᠂ ᠵᠤᠮᠤ ᠶᠠᠮᠤᠳᠤ᠂ ᠵᠠᠰᠠᠭᠤᠯ᠂ ᠭᠠᠯᠴᠢ ᠭᠤᠷᠪᠠ ᠨᠢ ᠪᠥᠭᠡ ᠪᠡᠯᠭᠦᠳᠠᠢ ᠶᠢᠨ ᠰᠢᠳᠥᠭᠡᠨ ᠤ ᠲᠠᠭᠢᠯᠭ᠎ᠠ ᠶᠢᠨ ᠰᠢᠷᠡᠭᠡᠨ ᠲᠡᠭᠡᠷ᠎ᠠ ᠬᠠᠳᠠᠭ ᠨᠢᠨᠳᠠᠷ᠂ ᠵᠤᠯᠠ ᠭᠥᠵᠢ᠂ ᠠᠷᠢᠭᠢ ᠰᠠᠷᠬᠤᠳ ᠢ ᠪᠡᠯᠡᠳᠭᠡᠵᠥ ᠲᠠᠯᠪᠢᠳᠠᠭ᠃ ᠲᠠᠶᠢᠰᠢ ᠲᠠᠭᠠᠳᠬᠠᠯ ᠤᠡᠭᠰᠢᠵᠥ᠂ ᠬᠠᠳᠠᠭ ᠨᠢᠨᠳᠡᠷ᠂ ᠵᠤᠯᠠ ᠭᠥᠵᠢ ᠡᠷᠭᠦᠵᠥ᠂ ᠤᠯᠠᠨ ᠢᠶᠠᠷ ᠢᠶᠠᠨ ᠮᠥᠷᠭᠦᠭᠰᠡᠨ ᠤ ᠲᠠᠷᠠᠭ᠎ᠠ᠂ ᠢᠷᠥᠭᠡᠯᠴᠢ ᠠᠴᠠ ︽ᠪᠥᠭᠡ ᠪᠡᠯᠭᠦᠳᠠᠢ ᠶᠢᠨ ᠥᠴᠢᠭ ᠤᠨ ᠰᠤᠳᠤᠷ︾ ᠢ ᠤᠡᠭᠰᠢᠳᠠᠭ᠃ ᠥᠴᠢᠭ ᠤᠡᠭᠰᠢᠵᠤ ᠲᠠᠭᠤᠰᠬᠤ ᠥᠶ᠎ᠠ ᠳᠤ᠂ ᠴᠡᠷᠭᠢᠴᠢ ᠴᠡᠷᠭᠢ ᠲᠠᠯᠠᠳᠴᠤ᠂ ︽ᠶᠡᠭᠡ ᠮᠤᠩᠭᠤᠯ︾᠂ ︽ᠪᠠᠭ᠎ᠠ ᠮᠤᠩᠭᠤᠯ︾ ᠭᠡᠭᠦ ᠠᠷᠪᠠᠨ ᠬᠤᠶᠠᠷ ᠴᠡᠷᠭᠢ ᠶᠢᠨ ᠲᠠᠭᠤᠤ ᠡᠭᠢᠯᠡᠭᠦᠯᠵᠥ᠂ ᠬᠤᠷᠢᠨ ᠨᠢᠭᠡᠨ ᠲᠤᠭᠤᠭᠠᠨ ᠤ ᠰᠠᠷᠬᠤᠳ ᠤᠨ ᠲᠡᠭᠡᠵᠢ ᠪᠠᠷ ᠲᠠᠭᠢᠯᠭ᠎ᠠ ᠡᠷᠭᠦᠵᠥ ᠲᠡᠭᠦᠰᠳᠡᠭ᠃        ᠲᠠᠪᠤᠨ ᠰᠠᠷ᠎ᠠ ᠶᠢᠨ ᠰᠢᠨ᠎ᠠ ᠶᠢᠨ ᠨᠢᠭᠡᠨ ᠤ ᠲᠠᠭᠢᠯᠭ᠎ᠠ ᠨᠢ ᠪᠥᠭᠡ ᠪᠡᠯᠭᠦᠳᠠᠢ ᠶᠢᠨ ᠰᠢᠳᠥᠭᠡᠨ ᠳᠤ ᠤᠭᠤᠷᠠᠭ ᠬᠤᠷᠠᠭᠠᠨ ᠲᠠᠭᠢᠯᠭ᠎ᠠ ᠡᠷᠭᠦᠳᠡᠭ᠃ ᠲᠠᠭᠢᠯᠭ᠎ᠠ ᠶᠢᠨ ᠶᠠᠪᠤᠴᠠ ᠨᠢ ᠲᠥᠷᠪᠡᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ ᠲᠠᠢ ᠠᠳᠠᠯᠢ ᠪᠠᠶᠢᠳᠠᠭ᠃       ᠵᠢᠷᠭᠤᠭᠠᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ ᠳᠤ ᠪᠥᠭᠡ ᠪᠡᠯᠭᠦᠳᠠᠢ ᠶᠢᠨ ᠰᠢᠳᠥᠭᠡᠨ ᠳᠤ ᠬᠤᠷᠢᠨ ᠨᠢᠭᠡᠨ ᠥᠳᠭᠡᠷᠡᠭᠦᠯᠥᠭᠰᠡᠨ ᠰᠠᠭᠠᠯᠢ ᠶᠢᠨ ᠲᠠᠭᠡᠵᠢ ᠪᠡᠯᠡᠭ ᠲᠠᠯᠪᠢᠵᠥ ᠮᠥᠷᠭᠦᠳᠡᠭ᠃ ᠡᠭᠦᠨ ᠢ ᠪᠠᠰᠠ ᠰᠠᠭᠠᠯᠢ ᠥᠳᠭᠡᠷᠡᠭᠦᠯᠭᠦ ᠲᠠᠭᠢᠯᠭ᠎ᠠ ᠭᠡᠳᠡᠭ᠃ ᠲᠠᠭᠢᠯᠭ᠎ᠠ ᠶᠢᠨ ᠶᠠᠪᠤᠴᠠ ᠨᠢ ᠲᠥᠷᠪᠡᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ ᠲᠠᠢ ᠠᠳᠠᠯᠢ ᠪᠠᠶᠢᠳᠠᠭ᠃        ᠠᠷᠪᠠᠨ ᠰᠠᠷ᠎ᠠ ᠶᠢᠨ ᠰᠢᠨ᠎ᠠ ᠶᠢᠨ ᠬᠤᠶᠠᠷ ᠤᠨ ᠲᠠᠭᠢᠯᠭ᠎ᠠ ᠨᠢ ᠪᠥᠭᠡ ᠪᠡᠯᠭᠦᠳᠠᠢ ᠶᠢᠨ ᠰᠢᠳᠥᠭᠡᠨ ᠢ ᠨᠢᠭᠡ ᠪᠥᠭᠦᠯᠢ ᠬᠤᠨᠢᠨ ᠥᠳᠭᠡ ᠰᠢᠭᠦᠰᠤ ᠪᠠᠷ ᠲᠠᠭᠢᠵᠥ ᠮᠥᠷᠭᠦᠳᠡᠭ᠃ ᠲᠠᠭᠢᠯᠭ᠎ᠠ ᠶᠢᠨ ᠶᠠᠪᠤᠴᠠ ᠨᠢ ᠲᠥᠷᠪᠡᠨ ᠰᠠᠷ᠎ᠠ ᠶᠢᠨ ᠬᠤᠷᠢᠨ ᠲᠤᠯᠤᠭᠠᠨ ᠤ ᠲᠠᠭᠢᠯᠭ᠎ᠠ ᠲᠠᠢ ᠠᠳᠠᠯᠢ ᠪᠠᠶᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号