ᠬᠠᠪᠤᠳᠤ ᠬᠠᠰᠠᠷ ᠤᠨ ᠲᠠᠭᠢᠯᠭ᠎ᠠ
ᠨᠡᠶᠢᠲᠡᠯᠡᠭᠰᠡᠨ ᠴᠠᠭ᠄
2020/5/27
      ᠴᠢᠩᠭᠢᠰ ᠬᠠᠭᠠᠨ ᠤ ᠲᠠᠭᠦᠥ ᠬᠠᠪᠤᠳᠤ ᠬᠠᠰᠠᠷ ᠡᠷᠡᠯᠭᠡᠭ ᠵᠤᠷᠢᠭ᠂ ᠢᠳᠠ ᠭᠥᠴᠥᠨ ᠢᠶᠠᠷ ᠢᠶᠠᠨ ᠠᠯᠳᠠᠷᠰᠢᠭᠰᠠᠨ ᠪᠥᠭᠡᠳ ᠮᠤᠩᠭᠤᠯ ᠤᠨ ᠲᠤᠯᠭᠤᠷ ᠲᠥᠷᠥ ᠶᠢ ᠪᠠᠶᠢᠭᠤᠯᠤᠯᠴᠠᠬᠤ ᠳᠤ ᠭᠥᠴᠥᠨ ᠵᠢᠳᠭᠦᠯ ᠢᠶᠠᠨ ᠥᠵᠡᠭᠦᠯᠥᠭᠰᠡᠨ ᠪᠠᠭᠠᠳᠤᠷ ᠶᠤᠮ᠃ ᠬᠠᠪᠤᠳᠤ ᠬᠠᠰᠠᠷ ᠢ ᠰᠢᠳᠥᠵᠥ ᠲᠠᠭᠢᠬᠤ ᠥᠢᠯᠨ ᠶᠤᠰᠤᠯᠠᠯ ᠡᠷᠳᠠ ᠥᠶ᠎ᠠ ᠠᠴᠠ ᠤᠯᠠᠮᠵᠢᠯᠠᠯ ᠲᠠᠢ ᠪᠠᠷ ᠲᠠᠥᠭᠡ ᠶᠢᠨ ᠶᠠᠪᠤᠴᠠ ᠳᠤ ᠡᠩᠭᠦᠯ ᠲᠤᠩᠬᠤᠯ ᠵᠠᠮ ᠢ ᠲᠤᠭᠤᠯᠵᠤ ᠥᠨᠥᠳᠤᠷ ᠲᠤ ᠭᠥᠷᠴᠤ ᠢᠷᠠᠵᠠᠢ᠃       ᠬᠠᠪᠤᠳᠤ ᠬᠠᠰᠠᠷ ᠤᠨ ᠲᠠᠭᠢᠯᠭ᠎ᠠ ᠥᠨᠥ ᠤᠷᠳᠤᠰ ᠤᠨ ᠤᠳᠤᠭ ᠤᠨ ᠡᠮᠥᠨᠠᠳᠤ ᠬᠤᠰᠢᠭᠤᠨ ᠤ ᠴᠠᠭᠠᠨᠳᠤᠯᠤᠭᠠᠢ ᠰᠤᠮᠤᠨ ᠤ ᠰᠥᠯᠳᠠ ᠶᠢᠨ ᠬᠤᠷᠤᠭ᠎ᠠ ᠳᠤ ᠲᠠᠭᠢᠵᠥ ᠪᠠᠶᠢᠭ᠎ᠠ ᠬᠠᠰᠠᠷ ᠤᠨ ᠠᠯᠠᠭ ᠰᠥᠯᠳᠠ ᠶᠢᠨ ᠲᠠᠭᠢᠯᠭ᠎ᠠ᠂ ᠤᠳᠤᠭ ᠤᠨ ᠡᠮᠥᠨᠠᠳᠤ ᠬᠤᠰᠢᠭᠤᠨ ᠤ ᠪᠤᠯᠠᠭ ᠰᠤᠮᠤᠨ ᠤ ᠭᠥᠨ ᠤᠰᠤ ᠭᠠᠴᠠᠭ᠎ᠠ ᠶᠢᠨ ᠪᠥᠷᠳᠡᠭᠢ ᠭᠡᠭᠦ ᠭᠠᠵᠠᠷ ᠲᠠᠭᠢᠵᠥ ᠪᠠᠶᠢᠬᠤ ᠬᠠᠰᠠᠷ ᠤᠨ ᠪᠥᠷᠢᠶ᠎ᠠ ᠰᠢᠳᠥᠭᠡᠨ ᠤ ᠲᠠᠭᠢᠯᠭ᠎ᠠ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠰᠢᠨᠠᠪᠤᠯᠠᠭ ᠰᠤᠮᠤᠨ ᠳᠤ ᠲᠠᠭᠢᠵᠥ ᠪᠠᠶᠢᠭ᠎ᠠ ᠬᠠᠰᠠᠷ ᠤᠨ ᠤᠷᠳᠤᠨ ᠤ ᠲᠠᠭᠢᠯᠭ᠎ᠠ᠂ ᠠᠷᠤ ᠬᠤᠷᠴᠢᠨ ᠬᠤᠰᠢᠭᠤᠨ ᠳᠤ ᠲᠠᠭᠢᠵᠥ ᠪᠠᠶᠢᠭ᠎ᠠ ᠬᠠᠰᠠᠷ ᠤᠨ ᠤᠪᠤᠭ᠎ᠠ ᠶᠢᠨ ᠲᠠᠭᠢᠯᠭ᠎ᠠ ᠵᠠᠷᠭᠡ ᠨᠢ ᠤᠨ ᠤᠳᠠᠭᠠᠨ ᠥᠷᠭᠦᠯᠵᠢᠯᠡᠭᠰᠡᠨ ᠪᠥᠭᠡᠳ ᠲᠥᠯᠥᠭᠡᠯᠡᠭᠦ ᠴᠢᠨᠠᠷᠳᠠᠢ ᠪᠠᠶᠢᠳᠠᠭ᠃        ᠬᠠᠰᠠᠷ ᠤᠨ ᠠᠯᠠᠭ ᠰᠥᠯᠳᠠ ᠶᠢᠨ ᠲᠠᠭᠢᠯᠭ᠎ᠠ ᠨᠢ ᠨᠠᠶᠢᠳᠠ ᠮᠤᠩᠭᠤᠯ ᠤᠨ ᠴᠠᠭᠠᠨ ᠰᠥᠯᠳᠠ᠂ ᠬᠠᠷ᠎ᠠ ᠰᠥᠯᠳᠠ ᠂ ᠠᠯᠠᠭ ᠰᠥᠯᠳᠠ ᠭᠡᠭᠦ ᠭᠤᠷᠪᠠᠨ ᠰᠥᠯᠳᠠ ᠶᠢᠨ ᠲᠠᠭᠢᠯᠭ᠎ᠠ ᠶᠢᠨ ᠨᠢᠭᠡ ᠪᠤᠯᠤᠨ᠎ᠠ᠃ ᠠᠯᠠᠭ ᠰᠥᠯᠳᠠ ᠶᠢᠨ ᠲᠠᠭᠢᠯᠭ᠎ᠠ ᠶᠢ ᠥᠨᠥ ᠤᠳᠤᠭ ᠤᠨ ᠡᠮᠥᠨᠠᠳᠤ ᠬᠤᠰᠢᠭᠤᠨ ᠤ ᠴᠠᠭᠠᠨᠳᠤᠯᠤᠭᠠᠢ ᠰᠤᠮᠤᠨ ᠤ ᠰᠥᠯᠳᠠ ᠶᠢᠨ ᠬᠤᠷᠢᠶ᠎ᠠ ᠳᠤ ᠭᠢᠵᠥ ᠪᠠᠶᠢᠨ᠎ᠠ᠃ ᠠᠯᠠᠭ ᠰᠥᠯᠳᠠ ᠶᠢᠨ ᠲᠠᠭᠢᠯᠭ᠎ᠠ ᠨᠢ ᠮᠤᠩᠭᠤᠯᠴᠤᠳ ᠤᠨ ᠲᠠᠭᠢᠯᠭ᠎ᠠ ᠲᠠᠶᠢᠯᠭ᠎ᠠ ᠶᠢᠨ ᠵᠠᠩ ᠥᠢᠯᠨ ᠶᠢᠨ ᠶᠠᠷᠥᠩᠭᠡᠢ ᠰᠢᠰᠲ᠋ᠧᠮ ᠳᠤ ᠪᠠᠭᠳᠠᠬᠤ ᠪᠤᠯᠬᠤᠷ᠂ ᠲᠠᠭᠢᠯᠭ᠎ᠠ ᠶᠢᠨ ᠪᠤᠳᠠᠳᠤ ᠪᠠᠶᠢᠳᠠᠯ ᠤᠨ ᠲᠠᠨᠢᠯᠴᠠᠭᠤᠯᠭ᠎ᠠ ᠶᠢ ᠡ᠊ᠨᠳᠠ ᠲᠤᠪᠴᠢᠯᠠᠪᠠ᠃       ᠬᠠᠰᠡᠷ ᠤᠨ ᠪᠥᠷᠢᠶ᠎ᠠ ᠰᠢᠳᠥᠭᠡᠨ ᠤ ᠲᠠᠭᠢᠯᠭ᠎ᠠ ᠶᠢ ᠤᠳᠤᠭ ᠤᠨ ᠡᠮᠤᠨᠠᠳᠤ ᠬᠤᠰᠢᠭᠤᠨ ᠤ ᠪᠤᠯᠠᠭ ᠰᠤᠮᠤᠨ ᠤ ᠭᠥᠨ ᠤᠰᠤ ᠭᠠᠴᠠᠭᠠᠨ ᠤ ᠪᠥᠷᠳᠡᠭᠢ ᠭᠡᠭᠦ ᠭᠠᠮᠠᠷ ᠴᠤᠮᠴᠤᠭ ᠤᠷᠳᠤᠨ ᠳᠤ ᠲᠠᠭᠢᠵᠥ ᠪᠤᠢ᠃ ᠬᠠᠰᠠᠷ ᠤᠨ ᠪᠥᠷᠢᠶ᠎ᠠ ᠨᠢ ᠨᠢᠭᠡ ᠮᠧᠳ᠋ᠷ ᠤᠷᠳᠤ ᠽᠠᠨᠳᠠᠨ ᠮᠤᠳᠤ ᠪᠠᠷ ᠭᠢᠭᠰᠡᠨ ᠬᠤᠶᠠᠷ ᠪᠥᠷᠢᠶ᠎ᠠ ᠪᠤᠯᠤᠨ᠎ᠠ᠃ ᠡᠨᠡ ᠬᠤᠶᠠᠷ ᠪᠥᠷᠢᠶ᠎ᠠ ᠪᠤᠯ ᠬᠠᠰᠠᠷ ᠤᠨ ᠲᠠᠶᠢᠨ ᠪᠠᠶᠢᠯᠳᠤᠭᠠᠨ ᠳᠤ ᠭᠡᠷᠡᠭᠯᠡᠵᠥ ᠪᠠᠶᠢᠬᠰᠠᠨ ᠬᠠᠰᠭᠢᠷᠤᠭ᠎ᠠ ᠶᠡᠭᠡᠳᠤ ᠽᠠᠨᠳᠠᠨ ᠪᠥᠷᠢᠶ᠎ᠠ ᠭᠡᠳᠡᠭ᠃ ᠠᠯᠠᠭ ᠰᠥᠯᠳᠠ ᠶᠢ ᠲᠤᠭᠰᠢᠭᠤᠯᠬᠤ ᠲᠠᠭᠢᠯᠭ᠎ᠠ ᠳᠤ ᠡᠨᠡ ᠬᠤᠶᠠᠷ ᠪᠥᠷᠢᠶ᠎ᠠ ᠶᠢ ᠠᠪᠴᠢᠷᠠᠵᠤ ᠥᠯᠢᠶᠠᠳᠡᠭ ᠪᠠᠶᠢᠪᠠ᠃        ᠬᠠᠰᠠᠷ ᠤᠨ ᠤᠷᠳᠤᠨ ᠤ ᠲᠠᠭᠢᠯᠭ᠎ᠠ ᠶᠢᠨ ᠰᠢᠳᠥᠭᠡᠨ ᠨᠢ ᠬᠠᠰᠠᠷ ᠤᠨ ᠠᠮᠤᠷᠯᠢᠩᠭᠤᠢ ᠲᠥᠷᠢ ᠪᠤᠯᠤᠨ ᠲᠤᠭᠰᠢᠨ ᠲᠥᠷᠢ᠂ ᠳ᠋ᠥᠷ ᠱᠤᠳ ᠳ᠋ᠠᠭᠪᠤᠤ ᠪᠤᠷᠬᠠᠨ ᠪᠤᠯᠤᠨ᠎ᠠ᠃ ᠡᠭᠦᠨ ᠳᠤ ᠠᠮᠤᠷᠯᠢᠩᠭᠤᠢ ᠲᠥᠷᠢ ᠪᠤᠯᠤᠨ ᠲᠤᠭᠰᠢᠨ ᠲᠥᠷᠢ ᠨᠢ ᠬᠠᠰᠠᠷ ᠤᠨ ᠲᠠᠭᠢᠯᠭ᠎ᠠ ᠶᠢᠨ ᠭᠤᠤᠯ ᠰᠢᠳᠥᠭᠡᠨ ᠶᠤᠮ᠃ ᠡᠨᠡ ᠬᠤᠶᠠᠷ ᠲᠥᠷᠢ ᠶᠢ ᠲᠤᠷᠭᠠᠨ ᠤ ᠬᠤᠶᠠᠷ ᠲᠠᠯ᠎ᠠ ᠳᠤ ᠲᠤᠰᠪᠥᠷᠢ ᠤᠯᠠᠪᠳᠤᠷ ᠥᠡᠭᠭᠡ ᠶᠢᠨ ᠪᠤᠳᠤᠭ ᠢᠶᠠᠷ ᠵᠢᠷᠤᠭᠰᠠᠨ ᠪᠠᠶᠢᠳᠠᠭ᠃ ᠬᠠᠰᠠᠷ ᠤᠨ ᠠᠮᠤᠷᠯᠢᠩᠭᠤᠢ ᠲᠥᠷᠢ ᠶᠢᠨ ᠵᠢᠰᠤ ᠲᠥᠯᠥᠪ ᠨᠢ ᠲᠠᠶᠢᠸᠠᠨ ᠳᠤ ᠬᠠᠳᠠᠭᠠᠯᠠᠵᠤ ᠪᠠᠶᠢᠭ᠎ᠠ ᠴᠢᠩᠭᠢᠰ ᠬᠠᠭᠠᠨ ᠤ ᠭᠥᠷᠥᠭ ᠲᠠᠢ ᠨᠠᠯᠢᠶᠠᠳ ᠲᠥᠰᠥᠳᠠᠢ᠂ ᠭᠥᠮᠥᠰᠭᠡ ᠵᠤᠵᠠᠭᠠᠨ᠂ ᠰᠠᠬᠠᠯ ᠪᠢᠳᠡᠭᠦᠥ᠂ ᠲᠠᠪᠠᠯ ᠤᠨ ᠡᠩᠭᠡᠷ ᠨᠢ ᠰᠢᠭᠤᠳ ᠵᠥᠷᠢᠭᠦᠥ᠂ ᠮᠠᠯᠠᠭᠠᠢ ᠶᠢᠨ ᠪᠠᠷᠠᠭᠤᠨ ᠴᠢᠭᠢ ᠨᠢ ᠮᠥᠷᠥ ᠶᠢᠨ ᠲᠡᠭᠡᠭᠦᠷ ᠨᠢ ᠡᠷᠳᠡᠶᠢᠵᠥ᠂ ᠮᠠᠯᠠᠭᠠᠢ ᠶᠢᠨ ᠵᠡᠭᠦᠨ ᠴᠢᠭᠢ ᠨᠢ ᠰᠠᠯᠭᠢᠨ ᠳᠤ ᠭᠡᠶᠢᠰᠥᠭᠰᠡᠨ ᠪᠠᠶᠢᠳᠠᠯ ᠲᠠᠢ᠃ ᠮᠠᠯᠠᠭᠠᠢ ᠶᠢᠨ ᠤᠷᠤᠢ ᠨᠢ ᠴᠢᠩᠭᠢᠰ ᠬᠠᠭᠠᠨ ᠤ ᠭᠥᠷᠥᠭ ᠤᠨ ᠬᠢ ᠲᠠᠢ ᠠᠳᠠᠯᠢ ᠥᠭᠡᠢ᠃ ᠱᠤᠪᠤᠭᠤᠷ ᠤᠷᠤᠢ ᠲᠠᠢ᠂ ᠤᠷᠤᠢ ᠲᠡᠭᠡᠷᠡᠭᠢ ᠰᠠᠮᠫᠠᠨ ᠨᠢ ᠨᠢᠭᠡ ᠭᠤᠤᠯ ᠡᠰᠢ ᠠᠴᠠ ᠲᠥᠷᠪᠡᠨ ᠨᠠᠪᠴᠢ ᠰᠠᠯᠠᠭᠠᠯᠠᠭᠰᠠᠨ ᠰᠢᠬ ᠤᠷᠭᠤᠮᠠᠯ ᠤᠨ ᠲᠥᠷᠰᠤ ᠲᠠᠢ᠃ ᠪᠠᠷᠠᠭᠤᠨ ᠮᠥᠷᠥ ᠳᠤ ᠪᠠᠨ ᠨᠤᠮᠤ ᠮᠥᠷᠥᠯᠠᠵᠤ᠂ ᠵᠡᠭᠦᠨ ᠮᠥᠷᠥ ᠳᠤ ᠪᠠᠨ ᠰᠠᠷᠠᠭᠡᠳᠤ ᠵᠢᠳᠠ ᠡᠭᠦᠷᠥᠭᠰᠡᠨ ᠪᠠᠶᠢᠳᠠᠭ᠃ ᠬᠠᠰᠠᠷ ᠤᠨ ᠲᠤᠭᠰᠢᠨ ᠲᠥᠷᠢ ᠨᠢ ᠲᠠᠪᠠᠭᠤᠯᠤᠯ ᠭᠡᠳᠤᠷᠡᠭᠦᠯᠥᠯ ᠤᠨ ᠠᠷᠭ᠎ᠠ ᠪᠠᠷ ᠵᠢᠷᠤᠵᠤ᠂ ᠪᠥᠷᠳᠥᠯᠵᠡᠨ ᠡᠪᠭᠡᠷᠡᠯᠳᠥᠭᠰᠡᠨ ᠡᠭᠦᠯᠠ ᠮᠠᠨᠠᠨ ᠤ ᠲᠤᠮᠳᠠ ᠨᠢᠳᠤ ᠪᠠᠨ ᠲᠥᠭᠦᠷᠢᠭᠯᠡᠨ ᠰᠢᠳᠤ ᠪᠠᠨ ᠢᠷᠵᠠᠶᠢᠯᠭᠠᠭᠰᠠᠨ ᠪᠠᠶᠢᠳᠠᠯ ᠢᠶᠠᠷ ᠲᠤᠯᠤᠭᠠᠢ ᠶᠢᠨ ᠲᠥᠷᠰᠤ ᠶᠢ ᠨᠢ ᠭᠠᠷᠭᠠᠭᠰᠠᠨ ᠪᠠᠶᠢᠨ᠎ᠠ᠃       ᠬᠠᠰᠠᠷ ᠤᠨ ᠤᠷᠳᠤᠨ ᠲᠠᠭᠢᠯᠭ᠎ᠠ ᠳᠠᠬᠢ ᠳ᠋ᠥᠷ ᠱᠤᠳ ᠳ᠋ᠠᠭᠪᠤᠤ ᠪᠤᠷᠬᠠᠨ ᠭᠡᠳᠡᠭ ᠨᠢ ︽ᠭᠡᠭᠦᠷ ᠤᠨ ᠡᠵᠠᠨ︾ ᠪᠤᠶᠤ ︽ᠰᠢᠳᠥᠭᠡᠨ ᠤ ᠡᠵᠡᠨ︾ ᠭᠡᠭᠦ ᠤᠳᠬ᠎ᠠ ᠲᠠᠢ ᠲᠥᠪᠡᠳ ᠥᠭᠡ᠃ ᠮᠤᠩᠭᠤᠯ ᠢᠶᠠᠷ ︽ᠰᠠᠳᠭᠢᠯᠴᠢᠯᠠᠨ ᠪᠥᠳᠥᠭᠦ ᠡᠷᠳᠠᠨᠢ︾ ᠭᠡᠰᠡᠨ ᠤᠳᠬ᠎ᠠ ᠲᠠᠢ᠃ ᠡᠭᠦᠨ ᠢ ᠠᠯᠢᠪᠠ ᠬᠤᠯᠠᠭᠠᠢ ᠲᠡᠭᠡᠷᠡᠮ ᠢ ᠲᠠᠷᠤᠵᠤ᠂ ᠠᠮᠤᠷ ᠲᠠᠶᠢᠪᠤᠩ ᠢ ᠬᠠᠮᠠᠭᠠᠯᠠᠬᠤ ᠬᠠᠰᠠᠷ ᠪᠠᠭᠠᠳᠤᠷ ᠤᠨ ᠪᠡᠯᠭᠡᠳᠠᠯ ᠢᠶᠠᠷ ᠰᠢᠳᠤᠵᠤ ᠲᠠᠭᠢᠳᠠᠭ᠃        ᠬᠠᠰᠠᠷ ᠤᠨ ᠤᠷᠳᠤᠨ ᠤ ᠲᠠᠭᠢᠯᠭ᠎ᠠ ᠶᠢ ᠶᠡᠭᠡ ᠲᠠᠭᠢᠯᠭ᠎ᠠ᠂ ᠲᠤᠮᠳᠠ ᠲᠠᠭᠢᠯᠭ᠎ᠠ ᠭᠡᠵᠥ ᠬᠤᠪᠢᠶᠠᠳᠠᠭ᠃ ᠶᠡᠭᠡ ᠲᠠᠭᠢᠯᠭ᠎ᠠ ᠨᠢ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠬᠤᠷᠢᠨ ᠲᠤᠯᠤᠭᠠᠨ᠂ ᠠᠷᠪᠠᠨ ᠰᠠᠷ᠎ᠠ ᠶᠢᠨ ᠬᠤᠷᠢᠨ ᠲᠤᠯᠤᠭᠠᠨ ᠳᠤ ᠶᠠᠪᠤᠭᠳᠠᠵᠤ᠂ ᠲᠥᠷᠪᠡᠨ ᠰᠤᠮᠤᠨ ᠠᠴᠠ ᠲᠥᠷᠪᠡᠨ ᠥᠳᠭᠡ ᠭᠠᠷᠭᠠᠵᠤ ᠲᠠᠭᠢᠳᠠᠭ᠃ ᠲᠤᠮᠳᠠ ᠲᠠᠭᠢᠯᠭ᠎ᠠ ᠨᠢ ᠪᠢᠯᠢᠭ ᠤᠨ ᠤᠯᠠᠷᠢᠯ ᠤᠨ ᠬᠤᠶᠠᠷ ᠰᠠᠷ᠎ᠠ ᠶᠢᠨ ᠬᠤᠷᠢᠨ ᠲᠤᠯᠤᠭᠠᠨ᠂ ᠲᠤᠯᠤᠭᠠᠨ ᠰᠠᠷ᠎ᠠ ᠶᠢᠨ ᠬᠤᠷᠢᠨ ᠲᠤᠯᠤᠭᠠᠨ ᠳᠤ ᠶᠠᠪᠤᠭᠳᠠᠵᠤ᠂ ᠬᠤᠶᠠᠷ ᠥᠳᠭᠡ ᠪᠤᠶᠤ ᠴᠠᠭᠠᠨ ᠢᠳᠡᠭᠡ ᠪᠠᠷ ᠲᠠᠭᠢᠳᠠᠭ᠃        ᠬᠠᠰᠠᠷ ᠤᠨ ᠤᠪᠤᠭ᠎ᠠ ᠲᠠᠭᠢᠯᠭ᠎ᠠ ᠶᠢ ᠠᠷᠤ ᠬᠤᠷᠴᠢᠨ ᠬᠤᠰᠢᠭᠤᠨ ᠤ ᠬᠤᠰᠢᠭᠤᠨ ᠲᠥᠪ ᠴᠢᠪᠠᠭ᠎ᠠ ᠪᠠᠯᠭᠠᠰᠤᠨ ᠤ ᠥᠢᠷᠠᠯᠴᠠᠭ᠎ᠠ ᠥᠯᠵᠠᠶᠢᠳᠤ ᠬᠤᠸᠠ ᠶᠢᠨ ᠤᠷᠤᠢ ᠳᠤ ᠭᠢᠳᠡᠭ᠃ ᠵᠢᠯ ᠪᠥᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠳᠤ᠂ ᠰᠠᠶᠢᠨ ᠡᠳᠤᠷ ᠢ ᠰᠤᠩᠭᠤᠵᠤ᠂ ᠲᠤᠰ ᠬᠤᠰᠢᠭᠤᠨ ᠤ ᠭᠡᠳᠤᠨ ᠰᠤᠮᠤ ᠡᠭᠡᠯᠵᠢᠯᠡᠨ ᠲᠠᠭᠢᠳᠠᠭ ᠵᠠᠩᠰᠢᠯ ᠲᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号