ᠲᠤᠯᠤᠢ ᠡᠵᠠᠨ ᠤ ᠲᠠᠭᠢᠯᠭ᠎ᠠ ᠨᠢ ᠴᠢᠩᠭᠢᠰ ᠤᠨ ᠨᠠᠢᠮᠠᠨ ᠴᠠᠭᠠᠨ ᠤᠷᠳᠤᠨ ᠤ ᠲᠠᠭᠢᠯᠭ᠎ᠠ ᠶᠢᠨ ᠪᠥᠷᠢᠯᠳᠥᠭᠦᠨ ᠤ | ᠬᠤᠪᠢ ᠪᠠᠷ ᠡᠭᠦᠰᠴᠤ ᠪᠥᠷᠢᠯᠳᠥᠭᠡᠳ᠂ 15 ᠳ᠋ᠤᠭᠠᠷ ᠵᠠᠭᠤᠨ ᠳᠤ ᠴᠢᠩᠭᠢᠰ ᠤᠨ ᠨᠠᠢᠮᠠᠨ ᠴᠠᠭᠠᠨ ᠤᠷᠳᠤᠨ ᠲᠠᠢ | ᠬᠠᠮᠳᠤ ᠤᠷᠳᠤᠰ ᠲᠥᠮᠡᠨ ᠤ ᠨᠤᠳᠤᠭ ᠲᠤ ᠰᠠᠭᠠᠳᠠᠭᠰᠠᠨ ᠶᠤᠮ᠃ | ᠲᠡᠭᠦᠨ ᠠᠴᠠ ᠬᠤᠶᠢᠰᠢ ᠲᠠᠥᠭᠡ ᠶᠢᠨ ᠨᠥᠭᠦᠴᠠᠯ ᠰᠢᠯᠳᠠᠭᠠᠨ ᠢᠶᠠᠷ ᠭᠡᠳᠤ ᠤᠳᠠᠭ᠎ᠠ ᠨᠤᠳᠤᠭ ᠰᠢᠯᠵᠢᠵᠥ᠂ | 1956 ᠤᠨ ᠳᠤ ᠡᠵᠠᠨ ᠬᠤᠷᠤᠭ᠎ᠠ ᠳᠤ ᠠᠪᠴᠢᠷᠠᠵᠤ᠂ ᠴᠢᠩᠭᠢᠰ ᠤᠨ ᠰᠢᠨ᠎ᠠ ᠤᠡᠭᠭᠤᠨ ᠲᠠᠢ ᠨᠠᠶᠢᠯᠡᠭᠦᠯᠥᠨ | ᠲᠠᠭᠢᠬᠤ ᠪᠤᠯᠤᠭᠰᠠᠨ ᠪᠠᠶᠢᠨ᠎ᠠ᠃ ᠲᠠᠭᠢᠯᠭ᠎ᠠ ᠶᠢᠨ ᠶᠠᠷᠥᠩᠭᠡᠢ ᠪᠠᠶᠢᠳᠠᠯ ᠨᠢ ᠴᠢᠩᠭᠢᠰ ᠤᠨ ᠲᠠᠭᠢᠯᠭ᠎ᠠ ᠲᠠᠢ ᠠᠳᠠᠯᠢᠪᠳᠤᠷ | ᠪᠠᠶᠢᠳᠠᠭ᠃ ᠲᠤᠯᠤᠢ ᠡᠵᠠᠨ ᠤ ᠲᠠᠭᠢᠯᠭ᠎ᠠ ᠨᠢ ᠰᠠᠷ᠎ᠠ ᠶᠢᠨ ᠲᠠᠭᠢᠯᠭ᠎ᠠ ᠪᠠ ᠲᠥᠷᠪᠡᠨ ᠴᠠᠭ ᠤᠨ ᠲᠠᠭᠢᠯᠭ᠎ᠠ ᠲᠠᠢ᠃ | | ᠰᠠᠷ᠎ᠠ ᠶᠢᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠰᠠᠷ᠎ᠠ ᠪᠥᠷᠢ ᠶᠢᠨ ᠰᠢᠨ᠎ᠠ ᠶᠢᠨ ᠭᠤᠷᠪᠠᠨ ᠳᠤ | ᠶᠠᠪᠤᠭᠳᠠᠳᠠᠭ᠃ | ᠬᠠᠪᠤᠷ ᠤᠨ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠤ | ᠡᠳᠤᠷ ᠭᠤᠷᠪᠠᠨ ᠥᠳᠭᠡ ᠪᠠᠷ ᠲᠠᠭᠢᠳᠠᠭ᠃ | ᠵᠤᠨ ᠤ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠠᠷᠪᠠᠨ ᠲᠠᠪᠤᠨ ᠤ | ᠡᠳᠤᠷ ᠬᠤᠶᠠᠷ ᠥᠳᠭᠡ ᠪᠠᠷ ᠲᠠᠭᠢᠳᠠᠭ᠃ ᠤᠳᠤᠭ᠂ ᠬᠠᠨᠭ᠍ᠭᠢᠨ ᠬᠤᠶᠠᠷ ᠬᠤᠰᠢᠭᠤ ᠬᠠᠮᠳᠤᠷᠠᠨ ᠭᠢᠳᠡᠭ ᠪᠠᠶᠢᠪᠠ᠃ | | ᠨᠠᠮᠤᠷ ᠤᠨ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠠᠷᠪᠠᠨ ᠬᠤᠶᠠᠷ ᠤᠨ | ᠡᠳᠤᠷ ᠨᠢᠭᠡ ᠥᠳᠭᠡ ᠪᠠᠷ ᠲᠠᠭᠢᠳᠠᠭ᠃ | ᠡᠪᠤᠯ ᠤᠨ ᠤᠯᠠᠷᠢᠯ ᠤᠨ ᠲᠠᠭᠢᠯᠭ᠎ᠠ ᠨᠢ ᠪᠢᠯᠢᠭ ᠤᠨ ᠤᠯᠠᠷᠢᠯ ᠤᠨ ᠠᠷᠪᠠᠨ ᠰᠠᠷ᠎ᠠ ᠶᠢᠨ ᠰᠢᠨ᠎ᠠ ᠶᠢᠨ | ᠭᠤᠷᠪᠠᠨ ᠳᠤ ᠶᠠᠪᠤᠭᠳᠠᠳᠠᠭ᠃ ᠡᠭᠦᠨ ᠳᠤ ᠲᠠᠰᠠᠮᠠᠨ ᠢᠮᠠᠭ᠎ᠠ ᠶᠢ ᠬᠤᠰᠢᠭᠤᠨ ᠤ ᠸᠠᠩ ᠨᠤᠶᠠᠨ ᠪᠡᠯᠡᠳᠭᠡᠵᠥ᠂ | ᠤᠳᠤᠭ ᠤᠨ ᠵᠡᠭᠦᠨ ᠬᠤᠰᠢᠭᠤᠨ ᠠᠴᠠ ᠨᠢᠭᠡ ᠬᠤᠨᠢ᠂ ᠲᠤᠯᠤᠢ ᠡᠵᠠᠨ ᠤ ᠲᠠᠷᠬᠠᠳ ᠬᠤᠶᠠᠷ ᠬᠤᠨᠢ ᠡᠷᠭᠦᠵᠥ | ᠲᠠᠭᠢᠳᠠᠭ᠃ |