ᠴᠠᠭᠠᠨ ᠰᠥᠷᠥᠭ ᠤᠨ ᠬᠤᠷᠢᠨ ᠨᠢᠭᠡᠨ ᠤ ᠡᠳᠤᠷ ᠤᠨ ᠳᠠᠭᠢᠯᠭ᠎ᠠ
ᠨᠡᠶᠢᠲᠡᠯᠡᠭᠰᠡᠨ ᠴᠠᠭ᠄
2020/6/10
     ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠪᠤᠯ ᠬᠠᠪᠤᠷ ᠤᠨ ᠤᠯᠠᠷᠢᠯ ᠤᠨ ᠴᠠᠭᠠᠨ ᠰᠦᠷᠦᠭ ᠤᠨ ᠶᠡᠭᠡ ᠬᠤᠷᠢᠮ ᠤᠨ ᠭᠤᠤᠯ ᠳᠠᠶᠢᠯᠭ᠎ᠠ ᠶᠢᠨ ᠡᠳᠦᠷ ᠪᠤᠯᠤᠨ᠎ᠠ᠃ ᠲᠤᠰ ᠡᠳᠤᠷ ᠤᠨ ᠲᠠᠭᠢᠯᠭ᠎ᠠ ᠨᠢ ᠡᠰᠥᠭ ᠤᠨ ᠰᠠᠴᠤᠯᠢ ᠲᠠᠭᠢᠯᠭ᠎ᠠ᠂ ᠤᠷᠳᠤᠨ ᠤ ᠲᠠᠭᠢᠯᠭ᠎ᠠ᠂ ᠥᠳᠡᠰᠢ ᠶᠢᠨ ᠲᠠᠭᠢᠯᠭ᠎ᠠ ᠭᠡᠭᠦ ᠠᠭᠤᠯᠭ᠎ᠠ ᠶᠢ ᠪᠠᠭᠳᠠᠭᠠᠳᠠᠭ᠃ ᠡᠰᠥᠭ ᠤᠨ ᠰᠠᠴᠤᠯᠢ ᠲᠠᠭᠢᠯᠭ᠎ᠠ ᠶᠢ ᠪᠠᠭ᠎ᠠ ᠲᠠᠭᠢᠯᠭ᠎ᠠ᠂ ᠤᠷᠳᠤᠨ ᠤ ᠲᠤᠳᠤᠨ᠎ᠠ ᠭᠠᠳᠠᠨᠠᠭᠢ ᠲᠠᠭᠢᠯᠭ᠎ᠠ ᠶᠢ ᠶᠡᠭᠡ ᠲᠠᠭᠢᠯᠭ᠎ᠠ ᠭᠡᠳᠡᠭ᠂ ᠡᠳᠡᠭᠡᠷ ᠪᠥᠭᠦ᠋ᠢᠯᠠ ᠲᠠᠭᠢᠯᠭ᠎ᠠ ᠶᠢᠨ ᠥᠢᠯᠨ ᠶᠢ ᠵᠢᠨᠤᠩ ᠡᠷᠭᠢᠯᠡᠵᠥ ᠲᠠᠭᠢᠳᠠᠭ ᠪᠠ ᠡᠰᠥᠭ ᠤᠨ ᠰᠠᠴᠤᠯᠢ ᠲᠠᠭᠢᠯᠭ᠎ᠠ ᠪᠠᠷ ᠡᠭᠢᠯᠡᠳᠡᠭ᠃       ᠬᠤᠷᠢᠨ ᠨᠢᠭᠡᠨ ᠤ ᠡᠳᠤᠷ ᠤᠨ ᠯᠤᠤ ᠴᠠᠭ ᠲᠤ᠂ ᠵᠢᠨᠤᠩ ᠠᠯᠳᠠᠨ ᠤᠷᠤᠭᠳᠠᠨ ᠬᠠᠨ ᠭᠥᠪᠡᠭᠦᠳ᠂ ᠨᠤᠶᠠᠳ ᠲᠥᠰᠢᠮᠠᠳ ᠢᠶᠠᠨ ᠲᠠᠭᠠᠭᠤᠯᠵᠤ᠂ ᠥᠨᠳᠡᠭᠡᠨ ᠴᠠᠭᠠᠨ ᠮᠤᠷᠢᠨ ᠳᠤ ᠨᠢᠭᠡ ᠥᠳᠭᠡ᠂ ᠨᠢᠭᠡ ᠭᠡᠮ ᠰᠠᠷᠬᠤᠳ ᠢᠶᠠᠷ ᠲᠠᠭᠢᠯᠭ᠎ᠠ ᠡᠷᠭᠦᠵᠥ᠂ ᠴᠢᠩᠭᠢᠰ ᠤᠨ ᠤᠷᠳᠤᠨ ᠳᠤ ᠵᠤᠯᠠ᠂ ᠭᠥᠵᠢ ᠠᠰᠠᠭᠠᠵᠤ᠂ ᠭᠤᠷᠪᠠᠨ ᠲᠠᠪᠢᠭ ᠲᠠᠯᠪᠢᠭᠠᠳ᠂ ᠥᠨᠳᠡᠭᠡᠨ ᠴᠠᠭᠠᠨ ᠤ ᠵᠠᠯ᠎ᠠ ᠶᠢᠨ ᠬᠠᠵᠠᠭᠤ ᠳᠤ ᠢᠷᠠᠵᠤ᠂ ᠡᠰᠥᠭ ᠤᠨ ᠰᠠᠴᠤᠯᠢ ᠡᠷᠭᠦᠳᠡᠭ᠃ ᠡᠰᠥᠭ ᠤᠨ ᠰᠠᠴᠤᠯᠢ ᠡᠷᠭᠦᠭᠦ ᠳᠤ ᠪᠠᠨ ︽ᠪᠤᠷᠤ ᠥᠨᠳᠤᠷ︾ ᠢᠶᠠᠨ ᠭᠤᠷᠪᠠᠨ ᠵᠠᠭᠤᠨ ᠵᠢᠩ ᠡᠰᠥᠭ ᠢᠶᠠᠷ ᠲᠥᠭᠦᠷᠭᠡᠨ ᠪᠢᠯᠬᠠᠭᠠᠭᠠᠳ᠂ ᠰᠠᠴᠤᠯᠢ ᠶᠢᠨ ᠴᠥᠴᠥᠭᠡ ᠪᠠᠷ ᠰᠠᠴᠤᠯᠢ ᠰᠠᠴᠤᠬᠤ ᠳᠤ᠂ ᠢᠷᠥᠭᠡᠯᠴᠢ ᠠᠴᠠ ︽ᠠᠯᠳᠠᠨ ᠪᠢᠴᠢᠭ︾ ᠲᠤ ᠪᠢᠴᠢᠭᠰᠡᠨ ︽ᠶᠠᠷᠠ ᠶᠢᠰᠤᠨ ᠴᠠᠭᠠᠭᠴᠢᠨ ᠤ ᠰᠥᠨ ᠰᠠᠴᠤᠯᠭᠠᠨ ᠤ ᠢᠷᠥᠭᠡᠯ︾ ᠤᠡᠭᠰᠢᠳᠠᠭ᠃       ᠡᠰᠥᠭ ᠤᠨ ᠰᠠᠴᠤᠯᠢ ᠲᠠᠭᠢᠯᠭ᠎ᠠ ᠲᠠᠭᠤᠰᠤᠭᠰᠠᠨ ᠤ ᠲᠠᠷᠠᠭ᠎ᠠ᠂ ᠤᠷᠳᠤᠨ ᠤ ᠲᠠᠭᠢᠯᠭ᠎ᠠ ᠡᠭᠢᠯᠡᠳᠡᠭ᠃ ᠤᠷᠳᠤᠨ ᠤ ᠲᠠᠭᠢᠯᠭ᠎ᠠ ᠨᠢ ᠭᠤᠯᠤᠮᠳᠠ ᠲᠠᠭᠢᠵᠤ᠂ ᠭᠤᠯᠤᠮᠳᠠ ᠶᠢᠨ ᠶᠡᠭᠡ ᠥᠴᠢᠭ ᠲᠠᠭᠤᠳᠠᠬᠤ︔ ᠵᠤᠯᠠ᠂ ᠭᠥᠵᠢ᠂ ᠨᠢᠨᠳᠠᠷ᠂ ᠥᠳᠭᠡ ᠡᠷᠭᠦᠵᠥ᠂ ᠲᠠᠭᠠᠳᠬᠠᠯ ᠤᠨ ᠢᠷᠥᠭᠡᠯ ᠭᠡᠯᠡᠭᠦ︔ ᠠᠷᠢᠭᠢ ᠰᠠᠷᠬᠤᠳ ᠢ ᠭᠤᠷᠪᠠ ᠭᠤᠷᠪᠠ ᠶᠢᠰᠤ ᠪᠠᠷ ᠡᠷᠭᠦᠵᠥ᠂ ᠠᠷᠪᠠᠨ ᠭᠤᠷᠪᠠᠨ ᠲᠠᠭᠤᠤ ᠲᠠᠭᠤᠯᠬᠠᠤ︔ ᠶᠡᠭᠡ ᠥᠴᠢᠭ ᠥᠴᠢᠭᠦ᠂ ᠤᠷᠳᠤᠨ ᠤ ᠭᠠᠳᠠᠨ᠎ᠠ ᠶᠢᠨ ᠢᠷᠥᠭᠡᠯ᠂ ᠤᠷᠳᠤᠨ ᠤ ᠲᠤᠳᠤᠷ᠎ᠠ ᠶᠢᠨ ᠢᠷᠥᠭᠡᠯ ᠢᠷᠥᠭᠡᠵᠥ᠂ ᠲᠠᠭᠢᠯᠭ᠎ᠠ ᠶᠢᠨ ᠭᠡᠰᠢᠭ ᠬᠤᠪᠢᠶᠠᠬᠤ︔ ᠮᠥᠷᠭᠦᠯᠴᠢᠳ ᠤᠨ ᠨᠠᠷ᠎ᠠ ᠶᠢ ᠲᠠᠭᠤᠳᠠᠵᠤ᠂ ᠨᠢᠨᠳᠡᠷ᠂ ᠵᠤᠯᠠ᠂ ᠰᠠᠷᠬᠤᠳ᠂ ᠥᠳᠭᠡ ᠶᠢᠨ ᠲᠠᠭᠠᠳᠬᠠᠯ ᠢᠷᠥᠭᠡᠯ ᠭᠡᠯᠡᠭᠦ︔ ᠵᠠᠯ᠎ᠠ ᠢᠷᠥᠭᠡᠵᠥ᠂ ᠤᠨᠠᠭ᠎ᠠ ᠮᠢᠯᠢᠶᠠᠬᠤ ᠵᠠᠷᠭᠡ ᠶᠠᠪᠤᠴᠠ ᠪᠠᠷ ᠶᠤᠰᠤᠯᠠᠯ ᠥᠢᠯᠨ ᠶᠢ ᠭᠥᠢᠴᠡᠳᠭᠡᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号