ᠭᠠᠷᠢᠯᠢ ᠶᠢᠨ ᠳᠠᠭᠢᠯᠭ᠎ᠠ
ᠨᠡᠶᠢᠲᠡᠯᠡᠭᠰᠡᠨ ᠴᠠᠭ᠄
2020/6/15
     ᠴᠢᠩᠬᠢᠰ ᠤᠨ ᠠᠯᠲᠠᠨ ᠤᠷᠤᠭ ᠤᠨ ᠦᠷᠡᠰ ᠳᠡᠭᠡᠳᠦᠰ ᠤᠨ ᠢᠶᠠᠨ ᠭᠡᠭᠡᠨ ᠰᠦᠨᠡᠰᠦᠨ ᠳᠤ ᠳᠤᠶ᠋ᠢᠩ ᠲᠦᠯᠡᠰᠢ ᠡᠷᠭᠦᠬᠦ ᠳᠠᠬᠢᠯᠭ᠎ᠠ ᠶᠢ ᠭᠠᠷᠢᠯᠢ ᠶᠢᠨ ᠳᠠᠬᠢᠯᠭ᠎ᠠ ᠭᠡᠳᠡᠭ᠃ ᠭᠠᠷᠢᠯᠢ ᠭᠡᠳᠡᠭ ᠨᠢ ᠳᠤᠶ᠋ᠢᠩ ᠭᠡᠬᠦ ᠤᠳᠬ᠎ᠠ ᠲᠠᠢ ᠦᠭᠡ᠃ ᠭᠤᠷᠪᠠᠨ ᠰᠠᠷ᠎ᠠ ᠶᠢᠨ ᠬᠤᠷᠢᠨ ᠳᠤ ᠭᠠᠷᠢᠯᠢ ᠶᠢᠨ ᠳᠠᠬᠢᠯᠭ᠎ᠠ ᠬᠢᠳᠡᠭ᠃ ᠡᠨᠡ ᠡᠳᠦᠷ ᠤᠨ ᠳᠠᠭᠢᠯᠭ᠎ᠠ ᠶᠢ ᠲᠤᠯᠤᠢ ᠡᠵᠡᠨ ᠰᠢᠲᠦᠭᠡᠨ ᠤ ᠢᠷᠦᠭᠡᠯᠴᠢ ᠳᠦᠰᠢᠮᠡᠯ ︽ᠬᠡᠷ ᠤᠨ ᠨᠤᠶᠠᠨ︾ ᠭᠦᠢᠴᠡᠳᠬᠡᠳᠡᠭ᠃ ᠬᠤᠷᠢᠨ ᠤ ᠡᠳᠦᠷ ᠲᠤᠯᠤᠢ ᠡᠵᠡᠨ ᠰᠢᠲᠦᠭᠡᠨ ᠤ ᠢᠷᠦᠭᠡᠯᠴᠢ ᠳᠦᠰᠢᠮᠡᠯ ᠲᠦᠷᠦᠭᠦᠲᠠᠢ ᠠᠯᠲᠠᠨ ᠤᠷᠤᠭ ᠤᠨ ᠲᠠᠶᠢᠵᠢ ᠨᠠᠷ ᠶᠡᠭᠡ ᠡᠵᠡᠨ ᠤ ᠠᠯᠲᠠᠨ ᠤᠷᠳᠤᠨ ᠳᠤ ᠤᠷᠤᠵᠤ ᠨᠢᠨᠳᠠᠷ ᠵᠤᠯᠠ ᠡᠷᠭᠦᠵᠤ᠂ ᠵᠠᠯᠭᠠᠭᠠᠳ ᠰᠠᠷᠬᠤᠳ ᠢᠶᠠᠷ ᠭᠤᠷᠪᠠᠨ ᠲᠠᠪᠢᠭ ᠲᠠᠯᠪᠢᠭᠠᠳ᠂ ᠭᠡᠷ ‍ᠠᠴᠠ ᠭᠠᠷᠴᠤ ᠠᠯᠲᠠᠨ ᠤᠷᠳᠤᠨ ᠤ ᠡᠭᠦᠳᠡ ᠶᠢ ᠤᠨᠢᠰᠤᠯᠠᠳᠠᠭ᠃ ᠵᠠᠯᠭᠠᠭᠠᠳ ᠠᠯᠲᠠᠨ ᠤᠷᠳᠤᠨ ᠢᠶᠠᠨ ᠵᠦᠪ ᠢᠶᠠᠷ ᠭᠤᠷᠪᠠ ᠶᠢᠰᠤ ᠡᠷᠭᠢᠵᠤ᠂ ᠡᠭᠦᠳᠡ ᠶᠢ ᠨᠢ ᠨᠡᠭᠡᠭᠡᠵᠤ ᠤᠷᠤᠭᠠᠳ᠂ ᠵᠤᠯᠠ᠂ ᠬᠦᠵᠢ ᠡᠷᠭᠦᠭᠡᠳ ᠢᠷᠦᠭᠡᠯᠴᠢ ᠲᠦᠰᠢᠮᠡᠯ ︽ᠭᠠᠷᠢᠯᠢ ᠶᠢᠨ ᠠᠯᠲᠠᠨ ᠪᠢᠴᠢᠭ︾ ᠢ ᠠᠪᠴᠤ ᠡᠪᠦᠷᠲᠦᠯᠡᠭᠡᠳ ᠤᠷᠳᠤᠨ ‍ᠠᠴᠠ ᠭᠠᠷᠴᠤ᠂ ᠡᠭᠦᠳᠡᠨ ᠪᠤᠱᠤᠭ᠎ᠠ ‍ᠠᠴᠠ ᠭᠤᠷᠪᠠᠨ ᠠᠯᠬᠤᠮ ᠵᠠᠶᠢᠲᠠᠢ ᠴᠠᠭᠠᠨ ᠲᠤᠯᠤᠭ ᠳᠡᠪᠢᠰᠴᠤ ᠰᠢᠷᠡᠭᠡ ᠲᠠᠯᠪᠢᠭᠠᠳ᠂ ᠢᠷᠦᠭᠡᠯᠴᠢ ᠳᠦᠰᠢᠮᠡᠯ ᠡᠩᠬᠡᠷ ᠢᠶᠠᠨ ᠰᠤᠯᠠ ᠲᠠᠯᠪᠢᠵᠤ᠂ ᠰᠢᠷᠡᠭᠡᠨ ᠳᠡᠭᠡᠷ᠎ᠡ ᠵᠤᠭᠰᠤᠨ ᠲᠠᠶᠢᠵᠢ ᠨᠠᠷ ᠢᠶᠠᠷ ᠳᠦᠰᠢᠭᠦᠯᠵᠤ ᠰᠤᠯᠤᠭᠠᠢ ᠪᠠᠷ ᠮᠤᠷᠢᠨ ᠳᠤ ᠮᠤᠷᠳᠠᠳᠠᠭ᠃ ᠲᠠᠶᠢᠵᠢ ᠨᠠᠷ ᠴᠤ ᠠᠯᠲᠠᠨ ᠤᠷᠳᠤᠨ ᠤ ᠭᠤᠯᠤᠮᠲᠠ ‍ᠠᠴᠠ ᠪᠠᠮᠪᠠᠷ ᠢᠶᠠᠨ ᠨᠤᠴᠤᠭᠠᠵᠤ ᠠᠪᠤᠭᠠᠳ᠂ ᠬᠦᠨᠦᠭ ᠲᠠᠢ ᠭᠠᠷᠢᠯᠢ ᠶᠢᠨ ᠦᠳᠬᠡ ᠪᠠᠨ ᠠᠪᠴᠤ᠂ ᠡᠩᠭᠡᠷ ᠢᠶᠠᠨ ᠰᠤᠯᠠ ᠲᠠᠯᠪᠢᠨ ᠰᠤᠯᠤᠭᠠᠢ ᠪᠠᠷ ᠮᠤᠷᠳᠠᠵᠤ ᠤᠷᠳᠤᠨ ‍ᠠᠴᠠ ᠵᠡᠭᠦᠨ ᠬᠤᠶᠢᠰᠢ ᠨᠠᠢᠮᠠᠨ ᠵᠠᠭᠤ ᠶᠡᠷᠡᠨ ᠨᠢᠬᠡᠨ ᠠᠯᠳᠠ ᠵᠠᠶᠢᠳᠠᠢ ᠪᠠᠶᠢᠬᠤ ︽ᠭᠠᠷᠢᠯᠢ ᠶᠢᠨ ᠰᠤᠭᠤ︾ ᠤᠷᠤᠭᠤ ᠳᠠᠪᠬᠢᠭᠤᠯᠵᠤ ᠤᠴᠢᠭᠠᠳ᠂ ᠤᠷᠢᠳᠠᠵᠤ ᠪᠡᠯᠡᠳᠬᠡᠭᠰᠡᠨ ᠶᠢᠰᠦ ᠶᠢᠰᠦ ᠪᠠᠷ ᠤᠪᠤᠭᠠᠯᠠᠵᠤ ᠲᠠᠯᠪᠢᠭᠰᠠᠨ ᠭᠤᠷᠪᠠᠨ ᠭᠡᠰᠡᠭ ᠬᠠᠳᠠᠭᠠᠭᠰᠠᠨ ᠬᠠᠶᠢᠯᠠᠰᠤᠨ ᠮᠤᠳᠤ ᠶᠢ ᠭᠠᠯ ᠪᠠᠮᠪᠠᠷ ᠢᠶᠠᠷ ᠢᠶᠠᠨ ᠨᠤᠴᠤᠭᠠᠵᠤ᠂ ᠭᠠᠷᠢᠯᠢ ᠶᠢᠨ ᠦᠳᠬᠡ ᠡᠷᠭᠦᠲᠡᠯ᠎ᠡ ᠢᠷᠦᠭᠡᠯᠴᠢ ᠲᠦᠰᠢᠮᠡᠯ ᠡᠪᠦᠷ ‍ᠠᠴᠠ ᠪᠠᠨ ︽ᠭᠠᠷᠢᠯᠢ ᠶᠢᠨ ᠠᠯᠲᠠᠨ ᠪᠢᠴᠢᠭ︾ ᠭᠠᠷᠭᠠᠵᠤ ᠳᠠᠭᠤᠳᠠᠳᠠᠭ᠃ ᠢᠷᠦᠭᠡᠯᠴᠢ ᠳᠦᠰᠢᠮᠡᠯ ᠰᠠᠴᠤᠯᠢ ᠪᠠᠨ ᠶᠢᠰᠦᠨᠳᠡ ᠡᠷᠭᠦᠵᠤ ᠪᠠᠷᠠᠭᠠᠳ᠂ ᠵᠦᠪ ᠲᠠᠯ᠎ᠠ ᠶᠢᠨ ᠬᠠ᠂ ᠤᠭᠤᠷᠠᠭ ᠰᠡᠭᠦᠯ᠂ ᠬᠤᠳᠤᠭᠤᠳᠤ᠂ ᠲᠤᠭᠤᠷᠬᠠᠢ ᠶᠢ ᠬᠦᠨᠦᠭ ᠲᠤ ᠬᠢᠵᠤ᠂ ᠪᠠᠮᠪᠠᠷ ᠤᠨ ᠦᠯᠡᠳᠡᠪᠦᠷᠢ ᠶᠢ ᠠᠪᠴᠤ ᠮᠤᠷᠢᠨ ᠳᠤ ᠪᠠᠨ ᠮᠤᠷᠳᠠᠵᠤ ᠭᠠᠷᠢᠯᠢ ᠶᠢᠨ ᠭᠤᠯᠤᠮᠲᠠ ᠪᠠᠨ ᠭᠤᠷᠪᠠ ᠡᠷᠭᠢᠵᠤ᠂ ᠭᠠᠷᠢᠯᠢ ᠶᠢᠨ ᠳᠠᠭᠤᠤ ᠳᠠᠭᠤᠯᠠᠵᠤ ᠡᠷᠭᠢᠵᠤ ᠬᠠᠷᠠᠯ ᠦᠭᠡᠢ ᠪᠠᠷ ᠪᠤᠴᠠᠨ ᠳᠠᠪᠬᠢᠳᠠᠭ᠃ ᠭᠠᠷᠢᠯᠢ ᠶᠢᠨ ᠬᠦᠮᠦᠰ ᠪᠤᠴᠠᠵᠤ ᠢᠷᠡᠭᠡᠳ ᠪᠠᠮᠪᠠᠷ ᠢᠶᠠᠨ ᠡᠵᠡᠨ ᠤ ᠭᠤᠯᠤᠮᠲᠠ ᠳᠤ ᠬᠢᠵᠤ᠂ ᠭᠠᠷᠢᠯᠢ ᠶᠢᠨ ᠦᠳᠬᠡ ᠶᠢᠨ ᠦᠯᠡᠳᠡᠪᠦᠷᠢ ᠪᠠᠨ ᠳᠠᠶᠠᠭᠠᠷ ᠲᠤ ᠬᠤᠪᠢᠶᠠᠵᠤ ᠪᠠᠷᠠᠪᠠᠯ ᠳᠠᠬᠢᠯᠭ᠎ᠠ ᠳᠠᠭᠤᠰᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号