ᠬᠠᠪᠤᠷ ᠤᠨ ᠤᠯᠠᠷᠢᠯ ᠤᠨ ᠴᠠᠭᠠᠨ ᠰᠥᠷᠥᠭ ᠤᠨ ᠶᠡᠭᠡ ᠬᠤᠷᠢᠮ
ᠨᠡᠶᠢᠲᠡᠯᠡᠭᠰᠡᠨ ᠴᠠᠭ᠄
2020/6/16
      ᠬᠠᠪᠤᠷ ᠤᠨ ᠤᠯᠠᠷᠢᠯ ᠤᠨ ᠴᠠᠭᠠᠨ ᠰᠥᠷᠥᠭ ᠤᠨ ᠶᠡᠭᠡ ᠬᠤᠷᠢᠮ ᠢ ᠪᠠᠰᠠ ᠴᠠᠭᠠᠨ ᠰᠥᠷᠥᠭ ᠤᠨ ᠲᠠᠭᠢᠯᠭ᠎ᠠ᠂ ᠡᠰᠥᠭ ᠤᠨ ᠲᠠᠭᠢᠯᠭ᠎ᠠ ᠭᠡᠳᠡᠭ᠃ ᠬᠠᠪᠤᠷ ᠤᠨ ᠤᠯᠠᠷᠢᠯ ᠤᠨ ᠴᠠᠭᠠᠨ ᠰᠥᠷᠥᠭ ᠤᠨ ᠶᠡᠭᠡ ᠬᠤᠷᠢᠮ ᠨᠢ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠶᠢᠨ ᠬᠤᠷᠢᠨ ᠨᠢᠭᠡᠨ ᠳᠤ ᠶᠠᠪᠤᠭᠳᠠᠳᠠᠭ᠃ ᠲᠥᠷᠪᠡᠨ ᠤᠯᠠᠷᠢᠯ ᠤᠨ ᠬᠤᠷᠢᠮ ᠤᠨ ᠬᠠᠮᠤᠭ ᠶᠡᠭᠡ ᠲᠠᠭᠢᠯᠭ᠎ᠠ ᠪᠤᠯᠤᠨ᠎ᠠ᠃ ᠮᠤᠩᠭᠤᠯ ᠬᠠᠭᠠᠨᠳᠤ ᠲᠥᠷᠥ ᠶᠢᠨ ᠥᠶ᠎ᠠ ᠳᠤ ᠡᠨᠡ ᠲᠠᠭᠢᠯᠭ᠎ᠠ ᠳᠤ ᠬᠠᠭᠠᠨ᠂ ᠵᠢᠨᠤᠩ᠂ ᠬᠠᠨ ᠭᠥᠪᠡᠭᠦᠨ᠂ ᠲᠠᠶᠢᠵᠢ ᠨᠠᠷ ᠪᠠ ᠲᠥᠷᠥ ᠶᠢᠨ ᠶᠡᠭᠡ ᠰᠠᠶᠢᠳ ᠲᠥᠰᠢᠮᠠᠳ ᠴᠥᠮ ᠤᠷᠤᠯᠴᠠᠳᠠᠭ ᠪᠠᠶᠢᠪᠠ᠃       ᠬᠠᠪᠤᠷ ᠤᠨ ᠤᠯᠠᠷᠢᠯ ᠤᠨ ᠴᠠᠭᠠᠨ ᠰᠥᠷᠥᠭ ᠤᠨ ᠶᠡᠭᠡ ᠬᠤᠷᠢᠮ ᠨᠢ ᠭᠠᠷᠢᠯᠢ ᠶᠢᠨ ᠲᠠᠭᠢᠯᠭ᠎ᠠ᠂ ᠴᠠᠭᠠᠨ ᠰᠥᠷᠥᠭ ᠤᠨ ᠬᠤᠷᠢᠨ ᠨᠢᠭᠡᠨ ᠤ ᠡᠳᠤᠷ ᠤᠨ ᠲᠠᠭᠢᠯᠭ᠎ᠠ᠂ ᠴᠠᠭᠠᠨ ᠰᠥᠷᠥᠭ ᠤᠨ ᠬᠤᠷᠢᠨ ᠨᠢᠭᠡᠨ ᠤ ᠥᠳᠡᠰᠢ ᠶᠢᠨ ᠲᠠᠭᠢᠯᠭ᠎ᠠ ᠵᠠᠷᠭᠡ ᠶᠠᠪᠤᠴᠠ ᠲᠠᠢ ᠭᠡᠳᠤᠨ ᠠᠭᠤᠯᠭ᠎ᠠ ᠠᠴᠠ ᠪᠥᠷᠢᠯᠳᠥᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号