ᠡᠪᠦᠯ ᠤᠨ ᠤᠯᠠᠷᠢᠯ ᠤᠨ ᠳᠠᠰᠠᠮᠠᠨ ᠬᠤᠷᠢᠮ
ᠨᠡᠶᠢᠲᠡᠯᠡᠭᠰᠡᠨ ᠴᠠᠭ᠄
2020/6/2
     ᠪᠢᠯᠢᠭ ᠤᠨ ᠤᠯᠠᠷᠢᠯ ᠤᠨ ᠠᠷᠪᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠡᠪᠦᠯ ᠤᠨ ᠤᠯᠠᠷᠢᠯ ᠤᠨ ᠳᠠᠰᠠᠮᠠᠨ ᠬᠤᠷᠢᠮ ᠬᠢᠳᠡᠭ᠃ ᠳᠠᠰᠠᠮᠠᠨ ᠬᠤᠷᠢᠮ ᠤᠨ ᠳᠤᠬᠠᠢ ᠴᠢᠩᠬᠢᠰ ᠤᠨ ᠬᠦᠢᠰᠤ ᠶᠢ ᠳᠠᠰᠠᠮ᠎ᠠ ᠪᠠᠷ ᠪᠤᠭᠤᠭᠰᠠᠨ ᠢ ᠳᠤᠷᠠᠰᠬᠠᠵᠤ ᠪᠤᠢ ᠭᠡᠳᠡᠭ᠃ ᠭᠠᠯᠳᠠᠨ ᠤ ︽ᠡᠷᠳᠡᠨᠢ ᠶᠢᠨ ᠡᠷᠢᠬᠡ︾ ᠳᠤ᠂ ︽ᠠᠷᠪᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠪᠤᠭᠳᠠ ᠴᠢᠩᠬᠢᠰ ᠬᠠᠭᠠᠨ ᠤ ᠬᠡᠬᠡᠨ ᠪᠡᠶ᠎ᠡ ᠭᠡᠶᠢᠭᠰᠡᠨ᠎ᠡ ᠤᠬᠢᠶᠠᠭᠰᠠᠨ ᠮᠢᠯᠢᠶᠠᠭᠤᠳ ᠤᠨ ᠡᠳᠦᠷ︾ ᠬᠡᠵᠠᠢ᠃ ᠳᠠᠰᠠᠮᠠᠨ ᠳᠠᠬᠢᠯᠭ᠎ᠠ ᠶᠢ ᠵᠢᠶᠦ᠋ᠨ ᠸᠠᠩ ᠤᠨ ᠬᠤᠰᠢᠭᠤᠨ ᠤ ᠸᠠᠩ ᠨᠤᠶᠠᠨ ᠤ ᠬᠢ ‍ᠠᠴᠠ ᠬᠢᠳᠡᠭ᠃ ︽ᠠᠯᠲᠠᠨ ᠪᠢᠴᠢᠭ︾ ᠲᠤ᠂ ᠳᠠᠰᠠᠮᠠᠨ ᠬᠤᠷᠢᠮ ᠤᠨ ᠠᠯᠪᠠ ᠶᠢᠨ ᠳᠤᠬᠠᠢ ︽ᠳᠠᠰᠠᠮᠠᠨ ᠬᠤᠷᠢᠮ ᠳᠤ ᠤᠷᠤᠬᠤ ᠠᠯᠪᠠ ᠨᠢᠭᠡ ᠬᠤᠤᠷᠠᠵᠠ᠂ ᠨᠢᠭᠡᠨ ᠬᠤᠨᠢ᠂ ᠠᠷᠪᠠᠨ ᠲᠠᠪᠤᠨ ᠬᠡᠮ ᠰᠠᠷᠬᠤᠳ᠂ ᠨᠢᠭᠡ ᠰᠡᠷᠬᠡ᠂ ᠰᠡᠷᠬᠡᠨ ᠤ ᠳᠠᠭᠠᠪᠤᠷᠢ ᠮᠠᠨᠠᠮᠵᠢ ᠶᠢᠨ ᠢᠮᠠᠭ᠎ᠠ ᠨᠢᠭᠡ︾ ᠭᠡᠵᠡᠢ᠃ ᠳᠠᠰᠠᠮ᠎ᠠ ᠶᠢ ᠲᠤᠯᠤᠭᠠᠢ ‍ᠠᠴᠠ ᠰᠡᠭᠦᠯ ᠭᠦᠷᠲᠡᠯ᠎ᠡ ᠭᠤᠷᠪᠠᠨ ᠳᠤᠬᠤᠢ ᠲᠠᠪᠤᠨ ᠢᠮᠠᠬᠤ ᠤᠷᠳᠤ᠂ ᠢᠰᠢᠭᠡᠨ ‍ᠠᠴᠠ ᠨᠢ ᠰᠠᠮᠨᠠᠵᠤ ᠬᠢᠷᠭᠠᠭᠰᠠᠨ ᠦᠭᠡᠢ ᠤᠩᠭᠤᠯᠠᠭᠰᠠᠨ ᠰᠡᠷᠬᠡ ᠶᠢᠨ ᠠᠷᠠᠰᠤ ᠪᠠᠷ ᠬᠢᠳᠡᠭ᠃ ᠳᠠᠰᠠᠮ᠎ᠠ ᠬᠢᠬᠦ ᠢᠮᠠᠭ᠎ᠠ ᠪᠠᠨ ᠰᠦ ᠰᠠᠭᠠᠯᠢ ᠪᠠᠷ ᠮᠢᠯᠢᠶᠠᠭᠰᠠᠨ ᠤ ᠳᠠᠷᠠᠭ᠎ᠠ᠂ ᠴᠠᠭᠠᠨ ᠲᠤᠯᠤᠭ ᠳᠡᠭᠡᠷ᠎ᠡ ᠰᠢᠯᠭᠡᠭᠡᠯᠭᠡᠵᠤ ᠠᠮᠠᠨ ᠳᠡᠭᠡᠷ᠎ᠡ ᠨᠢ ᠴᠠᠭᠠᠨ ᠬᠠᠳᠠᠭ ᠲᠠᠯᠪᠢᠭᠠᠳ ᠳᠠᠷᠬᠠᠳ ᠤᠨ ᠭᠠᠯᠴᠢ ‍ᠠᠴᠠ ᠦᠷᠦᠴᠡᠯᠡᠵᠤ ᠠᠯᠠᠳᠠᠭ᠃ ᠮᠢᠬ᠎ᠠ ᠶᠢ ᠨᠢ ᠴᠢᠨᠠᠵᠤ ᠱᠦᠯᠦᠨ ᠳᠤ ᠨᠢ ᠰᠢᠭᠢᠷ ᠪᠤᠷᠠᠮ᠂ ᠦᠵᠦᠮ᠂ ᠴᠢᠪᠠᠭ᠎ᠠ ᠬᠢᠵᠤ ᠴᠢᠨᠠᠭᠠᠳ ᠬᠦᠷᠦᠭᠡᠭᠰᠡᠨ ᠤ ᠳᠠᠷᠠᠭ᠎ᠠ᠂ ᠲᠠᠪᠤᠨ ᠵᠢᠩ ᠠᠷᠢᠬᠢ ᠬᠢᠵᠤ ᠠᠷᠠᠰᠤ ᠪᠠᠨ ᠢᠳᠡᠭᠡᠯᠡᠭᠡᠳ ᠬᠤᠯᠤᠰᠤᠨ ᠬᠢᠲᠤᠭ᠎ᠠ ᠪᠠᠷ ᠬᠤᠰᠤᠵᠤ ᠢᠯᠬᠢ ᠪᠤᠯᠭᠠᠭᠠᠳ᠂ ᠵᠢᠷᠭᠤᠭᠠᠨ ᠬᠤᠯᠤᠰᠤᠨ ᠬᠠᠳᠠᠭᠠᠰᠤ ᠪᠠᠷ ᠳᠡᠯᠡᠵᠤ ᠬᠠᠳᠠᠭᠠᠳ ᠭᠤᠤᠯ ᠨᠢᠷᠤᠭᠤ ᠪᠠᠷ ᠨᠢ ᠵᠢᠷᠤᠭᠠᠰᠤ ᠳᠠᠲᠠᠵᠤ ᠵᠢᠷᠤᠭᠠᠰᠤ ᠶᠢᠨ ᠬᠤᠶᠠᠷ ᠲᠠᠯ᠎ᠠ ᠪᠠᠷ ᠶᠢᠰᠤ ᠶᠢᠰᠤ ᠵᠦᠰᠦᠵᠤ᠂ ᠠᠷᠪᠠᠨ ᠨᠠᠢᠮᠠᠨ ᠨᠠᠷᠢᠨ ᠳᠠᠰᠠᠮ᠎ᠠ ᠬᠢᠳᠡᠭ᠃ ᠳᠠᠰᠠᠮ᠎ᠠ ᠪᠠᠨ ᠶᠢᠰᠦ ᠶᠢᠰᠦ ᠪᠠᠷ ᠬᠤᠶᠠᠷ ᠭᠡᠰᠡᠭ ᠪᠤᠭᠤᠵᠤ ᠴᠢᠩᠬᠢᠰ ᠤᠨ ᠬᠠᠭᠤᠷᠴᠠᠭ ᠳᠤᠲᠤᠷ᠎ᠠ ‍ᠠᠴᠠ ᠬᠠᠭᠤᠴᠢᠨ ᠳᠠᠰᠠᠮ᠎ᠠ ᠪᠠᠨ ᠭᠠᠷᠭᠠᠵᠤ᠂ ᠰᠢᠨ᠎ᠡ ᠳᠠᠰᠠᠮ᠎ᠠ ᠪᠠᠨ ᠬᠢᠵᠤ ᠤᠷᠤᠭᠤᠯᠤᠭᠠᠳ᠂ ᠰᠢᠨ᠎ᠡ ᠶᠢᠨ ᠭᠤᠷᠪᠠᠨ ᠳᠤ ᠳᠠᠭᠢᠯᠭ᠎ᠠ ᠪᠠᠨ ᠬᠢᠳᠡᠭ᠃ ᠳᠠᠭᠢᠯᠭ᠎ᠠ ᠶᠢᠨ ᠳᠡᠰ ᠳᠠᠷᠠᠭ᠎ᠠ ᠪᠤᠰᠤᠳ ᠤᠯᠠᠷᠢᠯ ᠤᠨ ᠳᠠᠭᠢᠯᠭ᠎ᠠ ᠲᠠᠢ ᠠᠳᠠᠯᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号