ᠴᠢᠩᠬᠢᠰ ᠤᠨ ᠰᠠᠷ᠎ᠠ ᠶᠢᠨ ᠳᠠᠬᠢᠯᠭ᠎ᠠ
ᠨᠡᠶᠢᠲᠡᠯᠡᠭᠰᠡᠨ ᠴᠠᠭ᠄
2020/6/22
      ᠰᠠᠷ᠎ᠠ ᠪᠦᠷᠢ ᠶᠢᠨ ᠰᠢᠨ᠎ᠡ ᠶᠢᠨ ᠨᠢᠭᠡᠨ᠂ ᠰᠢᠨ᠎ᠡ ᠶᠢᠨ ᠭᠤᠷᠪᠠᠨ ᠳᠤ ᠴᠢᠩᠬᠢᠰ ᠬᠠᠭᠠᠨ ᠤ ᠴᠤᠮᠴᠤᠭ ᠤᠷᠳᠤᠨ ᠳᠤ ᠡᠷᠭᠦᠬᠦ ᠳᠤᠭᠲᠠᠭᠠᠯ ᠶᠤᠰᠤᠨ ᠤ ᠳᠠᠭᠢᠯᠭ᠎ᠠ᠂ ᠪᠠᠰᠠ ᠪᠠᠭ᠎ᠠ ᠳᠠᠭᠢᠯᠭ᠎ᠠ ᠭᠡᠳᠡᠭ᠃ ᠰᠠᠷ᠎ᠠ ᠶᠢᠨ ᠳᠠᠭᠢᠯᠭ᠎ᠠ ᠳᠤ ᠵᠢᠰᠢᠶᠠᠨ ᠳᠤ ᠰᠠᠭᠤᠵᠤ ᠪᠠᠶᠢᠬᠤ ᠳᠠᠷᠬᠠᠳ ‍ᠠᠴᠠ ᠭᠠᠳᠠᠨ᠎ᠠ᠂ ᠲᠠᠶᠢᠰᠢ᠂ ᠭᠦᠬᠦᠬᠡ᠂ ᠲᠤᠤᠯᠢ᠂ ᠮᠠᠩᠯᠠᠢ ᠴᠤᠯᠠ ᠲᠠᠢ ᠲᠠᠷᠬᠠᠳ ᠤᠨ ᠲᠥᠷᠪᠡᠨ ᠶᠠᠮᠤᠲᠠᠳ ᠤᠷᠤᠯᠴᠠᠳᠠᠭ᠃ ᠰᠠᠷ᠎ᠠ ᠶᠢᠨ ᠳᠠᠬᠢᠯᠭ᠎ᠠ ᠶᠢᠨ ᠵᠠᠷᠤᠳᠠᠯ ᠳᠤ ᠵᠢᠯ ᠪᠦᠷᠢ ᠲᠠᠪᠤᠨ ᠵᠠᠭᠤᠨ ᠯᠠᠩ ᠮᠦᠩᠬᠦ ᠬᠡᠷᠡᠭᠯᠡᠵᠤ᠂ ᠲᠠᠪᠤᠨ ᠵᠠᠭᠤᠨ ᠡᠷᠦᠬᠡ ᠲᠠᠷᠬᠠᠳ ‍ᠠᠴᠠ ᠳᠡᠰᠬᠡᠨ ᠠᠪᠳᠠᠭ᠃       ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠳᠠᠬᠢᠯᠭ᠎ᠠ ᠨᠢ ᠰᠠᠷ᠎ᠠ ᠶᠢᠨ ᠳᠠᠭᠢᠯᠭ᠎ᠠ ᠶᠢᠨ ᠡᠬᠢᠯᠡᠯᠲᠡ ᠪᠤᠯᠬᠤᠷ᠂ ᠲᠠᠭᠢᠯᠭ᠎ᠠ ᠶᠢᠨ ᠶᠠᠪᠤᠴᠠ ᠨᠢ ᠬᠠᠮᠤᠭ ‍ᠠᠴᠠ ᠪᠦᠷᠢᠨ ᠪᠦᠲᠦᠨ ᠪᠠᠶᠢᠳᠠᠭ᠃ ᠰᠢᠨ᠎ᠡ ᠶᠢᠨ ᠨᠢᠭᠡᠨ ᠤ ᠳᠠᠬᠢᠯᠭ᠎ᠠ ᠳᠤ ᠶᠢᠰᠤᠨ ᠦᠳᠬᠡ᠂ ᠶᠢᠰᠤᠨ ᠬᠡᠮ ᠠᠷᠢᠬᠢ᠂ ᠬᠤᠶᠠᠷ ᠵᠠᠭᠤᠨ ᠵᠢᠩ ᠭᠤᠯᠢᠷ ᠤᠨ ᠵᠠᠩᠰᠠ ᠪᠤᠭᠤᠷᠰᠤᠭ᠂ ᠭᠤᠷᠪᠠᠨ ᠰᠠᠭᠤᠯᠠᠭ᠎ᠠ ᠤᠯᠠᠭᠠᠨ ᠴᠢᠪᠠᠭ᠎ᠠ ᠪᠤᠯᠤᠨ ᠮᠦᠰᠦᠨ ᠰᠢᠬᠢᠷ᠂ ᠴᠠᠭᠠᠨ ᠰᠢᠬᠢᠷ᠂ ᠪᠤᠷᠠᠮ᠂ ᠪᠠᠯ᠂ ᠦᠵᠦᠮ ᠵᠡᠷᠭᠡ ᠠᠮᠳᠠᠳᠤ ᠢᠳᠡᠭᠡᠨ ᠢ ᠠᠷᠪᠠᠨ ᠵᠢᠩ ᠬᠡᠷᠡᠭᠯᠡᠳᠡᠭ᠃ ︽ᠳᠠᠭᠢᠯᠭ᠎ᠠ ᠶᠢᠨ ᠳᠠᠷᠤᠮᠵᠢ︾ ᠳᠤ᠂ ︽ᠴᠠᠭᠠᠨ ᠰᠠᠷ᠎ᠠ ᠶᠢᠨ ᠰᠢᠨ᠎ᠡ ᠶᠢᠨ ᠨᠢᠬᠡᠨ ᠤ ᠳᠠᠬᠢᠯᠭ᠎ᠠ ᠨᠢ ᠠᠩᠬᠠᠨ ᠳᠤᠷ ᠨᠢᠨᠳᠠᠷ ᠡᠷᠭᠦᠬᠦ᠂ ᠵᠤᠯᠠ ᠡᠷᠭᠦᠬᠦ᠂ ᠦᠳᠬᠡ ᠡᠷᠭᠦᠬᠦ᠂ ᠬᠦᠵᠢ ᠳᠠᠭᠤᠳᠠᠬᠤ᠂ ᠭᠠᠯ ᠳᠠᠬᠢᠬᠤ᠂ ᠠᠷᠪᠠᠨ ᠶᠠᠮᠤ ᠲᠦᠭᠡᠭᠡᠬᠦ᠂ ᠭᠠᠳᠠᠨ᠎ᠠ ᠶᠢᠨ ᠢᠷᠦᠭᠡᠯ ᠳᠠᠯᠪᠢᠨ᠎ᠠ᠂ ᠳᠤᠲᠤᠷ᠎ᠠ ᠬᠦᠵᠢ ᠳᠠᠭᠤᠳᠠᠨ᠎ᠠ᠂ ᠴᠠᠭᠤ ᠬᠠᠷᠢᠭᠤᠯᠤᠨ᠎ᠠ᠂ ᠦᠳᠬᠡ ᠬᠠᠷᠢᠭᠤᠯᠤᠨ᠎ᠠ᠂ ᠬᠤᠮᠬ᠎ᠠ ᠶᠢᠨ ᠢᠷᠦᠭᠡᠯ ᠲᠠᠯᠪᠢᠨ᠎ᠠ︾ ᠬᠡᠵᠤ ᠲᠡᠮᠲᠡᠭᠯᠡᠵᠠᠢ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠡᠩ ᠲᠡᠷᠢᠬᠦᠨ ᠳᠤ ᠰᠠᠩ ᠲᠠᠯᠪᠢᠵᠤ᠂ ︽ᠡᠵᠡᠨ ᠰᠠᠩ︾ ᠤᠩᠰᠢᠵᠤ ᠪᠠᠷᠠᠭᠠᠳ ᠭᠤᠯᠣᠮᠲᠠ ᠪᠠᠨ ᠳᠠᠬᠢᠳᠠᠭ᠃ ᠲᠤᠤᠯᠢ ᠶᠠᠮᠤᠲᠤ ‍ᠠᠴᠠ ᠬᠤᠨᠢᠨ ᠤ ᠤᠭᠤᠷᠠᠭ ᠰᠡᠭᠦᠯ ᠢ ᠠᠴᠠ ᠮᠤᠳᠤᠨ ᠳᠤ ᠬᠠᠳᠬᠤᠵᠤ ᠲᠤᠯᠭ᠎ᠠ ᠦᠭᠡᠳᠡ ᠤᠢᠢᠷᠠᠲᠤᠭᠤᠯᠬᠤ ᠳᠤ ᠬᠦᠭᠡᠴᠢᠨ ‍ᠠᠴᠠ ︽ᠠᠯᠲᠠᠨ ᠤᠷᠳᠤᠨ ᠤ ᠭᠤᠯᠤᠮᠲᠠ ᠶᠢᠨ ᠪᠠᠭ᠎ᠠ ᠦᠴᠢᠭ︾ ᠢ ᠳᠠᠭᠤᠳᠠᠳᠠᠭ᠃ ᠪᠠᠭ᠎ᠠ ᠦᠴᠢᠭ ᠢ ᠳᠠᠭᠤᠳᠠᠵᠤ ᠳᠡᠭᠦᠰᠬᠦ ᠳᠤ ᠲᠤᠤᠯᠢ ᠶᠠᠮᠤᠲᠤ ᠠᠴᠠ ᠮᠤᠳᠤᠨ ᠳᠤ ᠬᠠᠳᠬᠤᠭᠰᠠᠨ ᠰᠡᠭᠦᠯ ᠢᠶᠠᠷ ᠢᠶᠠᠨ ᠲᠤᠯᠭ᠎ᠠ ᠶᠢᠨ ᠤᠴᠤᠭ ᠢ ᠲᠦᠭᠡᠨᠡᠳᠡᠭ᠃ ᠡᠬᠦᠨ ᠢ ᠭᠤᠯᠤᠮᠳᠠ ᠲᠦᠭᠡᠨᠡᠬᠦ ᠭᠡᠳᠡᠭ᠃ ᠢᠩᠬᠢᠭᠡᠳ ᠭᠠᠯ ᠳᠤ ᠰᠠᠷᠬᠤᠳ ᠭᠤᠷᠪᠠᠨᠳᠠ ᠳᠤᠰᠤᠭᠠᠵᠤ ᠬᠦᠰᠬᠦᠯᠡᠭᠰᠡᠨ ᠬᠤᠨᠢᠨ ᠤ ᠰᠡᠭᠦᠯ ᠢᠶᠠᠨ ᠳᠠᠬᠢᠯᠭ᠎ᠠ ᠳᠤ ᠤᠷᠤᠯᠴᠠᠭᠰᠠᠳ ᠲᠤ ᠲᠦᠭᠡᠭᠡᠨ ᠦᠭᠬᠦ ᠳᠤ ᠳᠠᠶᠠᠭᠠᠷ ᠬᠤᠨᠢᠨ ᠰᠡᠭᠦᠯ ᠢᠶᠠᠨ ᠬᠢᠯᠭᠠᠨ᠎ᠠ᠂ ᠬᠠᠶᠢᠯᠠᠰᠤᠨ ᠮᠤᠳᠤ ᠲᠠᠢ ᠬᠠᠮᠲᠤ ᠭᠤᠯᠤᠮᠲᠠ ᠳᠤ ᠡᠷᠭᠦᠳᠡᠭ᠃ ᠡᠨᠡ ᠨᠢ ᠭᠤᠯᠤᠮᠲᠠ ᠳᠠᠬᠢᠬᠤ ᠶᠤᠰᠤᠯᠠᠯ ᠪᠤᠯᠤᠨ᠎ᠠ᠃ ᠭᠤᠯᠤᠮᠲᠠ ᠳᠠᠬᠢᠭᠰᠠᠨ ᠤ ᠳᠠᠷᠠᠭ᠎ᠠ᠂ ᠲᠤᠤᠯᠢ ᠶᠠᠮᠤᠲᠤ ‍ᠠᠴᠠ ᠨᠢᠨᠳᠠᠷ ᠢ ᠡᠷᠭᠦᠬᠦ ᠳᠤ ᠳᠠᠶᠠᠭᠠᠷ ᠴᠤ ᠬᠤᠶᠠᠷ ᠭᠠᠷ ᠢᠶᠠᠨ ᠰᠤᠩᠭᠠᠨ ᠬᠠᠳᠠᠭ ᠨᠢᠨᠳᠠᠷ ᠡᠷᠭᠦᠵᠤ ᠪᠠᠶᠢᠭ᠎ᠠ ᠮᠠᠶ᠋ᠢᠭ ᠲᠠᠢ ᠰᠦᠭᠦᠷᠡᠭᠦ ᠳᠤ ᠬᠦᠭᠡᠴᠢᠨ ᠶᠠᠮᠤᠲᠤ ‍ᠠᠴᠠ ᠵᠤᠯᠠ ᠶᠢᠨ ᠢᠷᠦᠭᠡᠯ ᠵᠢᠴᠢ ︽ᠠᠯᠲᠠᠨ ᠤᠷᠳᠤᠨ ᠤ ᠪᠠᠭ᠎ᠠ ᠦᠴᠢᠭ︾ ᠳᠠᠭᠤᠳᠠᠳᠠᠭ᠃ ᠡᠭᠦᠨ ᠤ ᠳᠠᠷᠠᠭ᠎ᠠ᠂ ᠲᠤᠤᠯᠢ᠂ ᠴᠠᠷᠪᠢ ᠬᠤᠶᠠᠷ ᠶᠠᠮᠤᠲᠤ ‍ᠠᠴᠠ ᠳᠡᠪᠰᠢ ᠲᠠᠢ ᠦᠳᠬᠡ ᠶᠢ ᠡᠷᠭᠦᠨ ᠪᠠᠷᠢᠬᠤ ᠳᠤ ᠬᠦᠭᠡᠴᠢᠨ ‍ᠠᠴᠠ ᠦᠳᠬᠡ ᠶᠢᠨ ᠢᠷᠦᠭᠡᠯ ᠤᠩᠰᠢᠨ᠎ᠠ᠃ ᠳᠠᠷᠠᠭ᠎ᠠ ᠨᠢ ᠶᠡᠭᠡ ᠮᠠᠩᠯᠠᠢ ᠶᠠᠮᠤᠲᠤ ᠰᠠᠷᠬᠤᠳ ᠡᠷᠭᠦᠬᠦ ᠳᠤ ᠬᠦᠬᠡᠴᠢᠨ ‍ᠠᠴᠠ ᠰᠠᠷᠬᠤᠳ ᠤᠨ ᠢᠷᠦᠭᠡᠯ ᠬᠡᠯᠡᠳᠡᠭ᠃ ᠡᠭᠦᠨ ᠤ ᠳᠠᠷᠠᠭ᠎ᠠ ᠶᠢᠰᠤᠨ ᠲᠠᠪᠢᠭ ᠲᠠᠯᠪᠢᠵᠤ᠂ ᠴᠠᠷᠭᠢ ᠶᠢᠨ ᠳᠠᠭᠤᠤ ᠳᠠᠭᠤᠯᠠᠵᠤ ᠪᠠᠷᠠᠭᠰᠠᠨ ᠤ ᠳᠠᠷᠠᠭ᠎ᠠ᠂ ᠳᠤᠲᠤᠷ᠎ᠠ ᠬᠦᠵᠢ ᠲᠠᠯᠪᠢᠬᠤ ᠭᠡᠵᠤ ᠭᠤᠷᠪᠠᠨ ᠬᠦᠵᠢ ᠰᠢᠳᠠᠭᠠᠵᠤ ᠳᠠᠭᠤᠰᠪᠠᠯ᠂ ᠬᠤᠮᠬ᠎ᠠ ᠶᠢᠨ ᠢᠷᠦᠭᠡᠯ ᠬᠡᠯᠡᠨ᠎ᠡ᠃ ᠡᠬᠦᠨ ᠤ ᠳᠠᠷᠠᠭ᠎ᠠ᠂ ᠭᠠᠯᠴᠢ ‍ᠠᠴᠠ ᠦᠳᠬᠡ ᠶᠢᠨ ᠳᠡᠭᠡᠵᠢ ᠶᠢ ᠡᠨᠡ ᠳᠦᠷᠪᠡᠨ ᠳᠠᠷᠬᠠᠳ ᠲᠤ ᠳᠤᠰ ᠳᠤᠰ ᠬᠤᠪᠢ ᠦᠭᠴᠤ ᠪᠠᠷᠠᠭᠠᠳ ᠳᠠᠷᠠᠭ᠎ᠠ ᠨᠢ ᠳᠠᠶᠠᠭᠠᠷ ᠲᠤ ᠬᠡᠰᠢᠭ ᠲᠦᠭᠡᠭᠡᠳᠡᠭ᠃ ᠡᠭᠦᠨ ᠢ ᠶᠠᠮᠤ ᠲᠦᠭᠡᠭᠡᠬᠦ ᠭᠡᠨ᠎ᠡ᠃ ᠶᠠᠮᠤ ᠲᠦᠭᠡᠭᠡᠵᠤ ᠳᠠᠭᠤᠰᠪᠠᠯ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠳᠠᠭᠢᠯᠭ᠎ᠠ ᠲᠡᠭᠦᠰᠳᠡᠭ᠃ ᠪᠤᠰᠤᠳ ᠰᠠᠷ᠎ᠠ ᠶᠢᠨ ᠳᠠᠬᠢᠯᠭ᠎ᠠ ᠶᠢᠨ ᠶᠡᠷᠦᠩᠬᠡᠢ ᠶᠠᠪᠤᠴᠠ ᠨᠢ ᠴᠠᠭᠠᠨ ᠰᠠᠷ᠎ᠠ ᠶᠢᠨ ᠳᠠᠬᠢᠯᠭ᠎ᠠ ᠶᠢᠨ ᠶᠠᠪᠤᠴᠠ ᠲᠠᠢ ᠶᠡᠭᠡ ᠲᠥᠯᠥᠪ ᠠᠳᠠᠯᠢ᠂ ᠵᠦᠪᠬᠡᠨ ᠳᠠᠭᠢᠯᠭ᠎ᠠ ᠶᠢᠨ ᠡᠷᠭᠦᠴᠡ ᠨᠢ ᠪᠠᠭ᠎ᠠ ᠵᠦᠷᠢᠶᠡᠨ ᠲᠠᠢ ᠪᠠᠶᠢᠳᠠᠭ᠃ ᠬᠤᠶᠠᠷ ᠰᠠᠷ᠎ᠠ ᠶᠢᠨ ᠰᠢᠨ᠎ᠡ ᠶᠢᠨ ᠨᠢᠭᠡᠨ ᠳᠤ ᠨᠢᠬᠡ ᠬᠤᠨᠢ᠂ ᠨᠢᠭᠡ ᠬᠡᠮ ᠠᠷᠢᠬᠢ᠂ ᠰᠢᠨ᠎ᠡ ᠶᠢᠨ ᠭᠤᠷᠪᠠᠨ ᠳᠤ ᠭᠤᠷᠪᠠᠨ ᠬᠤᠨᠢ᠂ ᠭᠤᠷᠪᠠᠨ ᠬᠡᠮ ᠠᠷᠢᠬᠢ ᠪᠠᠷ ᠳᠠᠬᠢᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号