ᠴᠢᠩᠭᠢᠰ ᠤᠨ ᠡᠳᠤᠷ ᠤᠨ ᠲᠠᠭᠢᠯᠭ᠎ᠠ
ᠨᠡᠶᠢᠲᠡᠯᠡᠭᠰᠡᠨ ᠴᠠᠭ᠄
2020/6/23
       ᠴᠢᠩᠬᠢᠰ ᠤᠨ ᠭᠡᠭᠡᠨ ᠲᠥᠷᠢ ᠶᠢ ᠵᠠᠯᠠᠵᠤ ᠲᠠᠭᠢᠭᠰᠠᠨ ᠴᠤᠮᠴᠤᠭ ᠴᠠᠭᠠᠨ ᠤᠷᠳᠤᠨ ᠳᠤ ᠡᠳᠦᠷ ᠪᠦᠷᠢ ᠰᠠᠩ ᠲᠠᠯᠪᠢᠵᠤ᠂ ᠮᠦᠩᠬᠡ ᠵᠤᠯᠠ ᠡᠷᠭᠦᠳᠡᠭ ᠵᠠᠩ ᠦᠢᠯᠡ ᠶᠢ ᠡᠳᠦᠷ ᠤᠨ ᠳᠠᠬᠢᠯᠭ᠎ᠠ ᠪᠤᠶᠤ ᠡᠩ ᠤᠨ ᠳᠠᠬᠢᠯᠭ᠎ᠠ ᠭᠡᠳᠡᠭ᠃ ᠵᠢᠰᠢᠶᠠᠨ ᠤ ᠳᠠᠷᠬᠠᠳ ᠨᠢ ᠦᠷᠯᠦᠭᠡ ᠪᠦᠷᠢ ᠴᠤᠮᠴᠤᠭ ᠤᠷᠳᠤᠨ ᠤ ᠳᠤᠲᠤᠨ᠎ᠠ ᠭᠠᠳᠠᠨᠠᠬᠢ ᠶᠢ ᠴᠡᠪᠡᠷᠯᠡᠵᠤ᠂ ᠰᠠᠩ ᠲᠠᠯᠪᠢᠭᠠᠳ᠂ ᠤᠷᠳᠤᠨ ᠳᠤᠲᠤᠷᠠᠬᠢ ᠴᠢᠩᠬᠢᠰ ᠤᠨ ᠬᠠᠭᠤᠷᠴᠠᠭ ᠤᠨ ᠡᠮᠤᠨᠡᠭᠢ ᠰᠢᠷᠡᠭᠡᠨ ᠳᠡᠭᠡᠷ᠎ᠡ ᠡᠳᠦᠷ ᠤᠨ ᠵᠤᠯᠠ ᠡᠷᠭᠦᠵᠤ᠂ ︽ᠡᠵᠡᠨ ᠰᠠᠩ︾ ᠤᠩᠰᠢᠳᠠᠭ᠃ ᠰᠠᠩ ᠢᠶᠠᠨ ᠤᠩᠰᠢᠵᠤ ᠪᠠᠷᠠᠭᠠᠳ᠂ ᠰᠢᠨ᠎ᠡ ᠴᠠᠢ ᠶᠢᠨ ᠳᠡᠭᠡᠵᠢ ᠪᠠᠨ ᠰᠠᠩ ᠤᠨ ᠰᠦᠷᠤ ᠶᠢᠨ ᠳᠠᠪᠴᠠᠩ ᠳᠡᠭᠡᠷ᠎ᠡ ᠪᠠᠨ ᠡᠷᠭᠦᠪᠡᠯ ᠦᠷᠯᠦᠭᠡᠨ ᠤ ᠳᠠᠬᠢᠯᠭ᠎ᠠ ᠳᠠᠭᠤᠰᠳᠠᠭ᠃ ᠤᠷᠤᠢ ᠨᠢ ᠦᠳᠡᠰᠢ ᠶᠢᠨ ᠵᠤᠯᠠ ᠪᠠᠨ ᠡᠷᠭᠦᠵᠤ ᠪᠠᠰᠠ ᠨᠢᠭᠡ ᠤᠳᠠᠭ᠎ᠠ ︽ᠡᠵᠡᠨ ᠰᠠᠩ︾ ᠤᠩᠰᠢᠪᠠᠯ ᠪᠦᠬᠦ᠋ᠢᠯᠡ ᠡᠳᠦᠷ ᠤᠨ ᠳᠠᠬᠢᠯᠭ᠎ᠠ ᠶᠢᠨ ᠦᠢᠯᠡ ᠳᠡᠭᠦᠰᠳᠡᠭ᠃ ᠬᠡᠷᠪᠡ ᠮᠦᠷᠭᠦᠯᠴᠢᠨ ᠪᠠᠶᠢᠬᠤ ᠳᠤ ᠬᠦᠷᠪᠡᠯ᠂ ᠵᠢᠰᠢᠶᠡᠨ ᠤ ᠳᠠᠷᠬᠠᠳ ‍ᠠᠴᠠ ᠳᠠᠭᠠᠭᠤᠯᠤᠨ ᠡᠵᠡᠨ ᠪᠤᠭᠳᠠ ᠳᠤ ᠮᠦᠷᠭᠦᠭᠦᠯᠵᠤ᠂ ᠵᠤᠯᠠ᠂ ᠨᠢᠨᠳᠠᠷ᠂ ᠰᠠᠷᠬᠤᠳ ᠤᠨ ᠳᠠᠭᠠᠳᠬᠠᠯ ᠤᠩᠰᠢᠳᠠᠭ᠃ ᠦᠳᠬᠡ ᠰᠢᠭᠦᠰᠦ ᠲᠠᠢ ᠮᠦᠷᠭᠦᠪᠡᠯ᠂ ︽ᠦᠳᠬᠡ ᠶᠢᠨ ᠳᠠᠭᠠᠳᠬᠠᠯ︾ ᠤᠩᠰᠢᠵᠤ᠂ ᠮᠦᠷᠭᠦᠭᠰᠡᠨ ᠬᠦᠮᠦᠨ ᠳᠤ ᠭᠤᠷᠪᠢᠴᠤᠭ᠂ ᠱᠠᠭᠠᠨᠲᠤ᠂ ᠳᠦᠷᠪᠡᠨ ᠦᠨᠳᠦᠷ᠂ ᠤᠭᠤᠷᠠᠭ ᠰᠡᠭᠦᠯ ᠢ ᠨᠢ ᠪᠤᠴᠠᠭᠠᠵᠤ ᠥᠭᠳᠡᠭ᠃ ᠡᠭᠦᠨ ᠢ ᠮᠥᠷᠭᠦᠯ ᠭᠢᠭᠰᠡᠨ ᠭᠥᠮᠥᠨ ᠭᠡᠷ ᠲᠤ ᠪᠠᠨ ᠠᠪᠠᠴᠢᠵᠥ᠂ ᠤᠭᠤᠷᠠᠭ ᠰᠡᠭᠦᠯ ᠤᠨ ᠤᠭᠡᠭᠦ ᠠᠴᠠ ᠬᠠᠯᠢᠮᠯᠠᠨ ᠠᠪᠴᠤ ᠭᠠᠯ ᠳᠤ ᠪᠠᠨ ᠡᠷᠭᠦᠭᠡᠳ᠂ ᠪᠤᠰᠤᠳ ᠮᠢᠬ᠎ᠠ ᠶᠢ ᠨᠢ ︽ᠪᠤᠭᠳᠠ ᠡᠵᠡᠨ ᠤ ᠳᠠᠶᠢᠯᠭ᠎ᠠ ᠶᠢᠨ ᠭᠡᠰᠢᠭ︾ ᠬᠡᠵᠤ᠂ ᠭᠡᠷ ᠤᠨ ᠭᠥᠮᠥᠰ᠂ ᠰᠠᠳᠤᠨ ᠲᠥᠷᠥᠯ᠂ ᠠᠶᠢᠯ ᠬᠤᠳᠠᠨ ᠤ ᠪᠠᠨ ᠭᠥᠮᠥᠰ ᠲᠠᠢ ᠬᠤᠪᠢᠶᠠᠯᠴᠠᠨ ᠢᠳᠡᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号