ᠴᠢᠩᠭᠢᠰ ᠤᠨ ᠲᠠᠭᠢᠯᠭ᠎ᠠ
ᠨᠡᠶᠢᠲᠡᠯᠡᠭᠰᠡᠨ ᠴᠠᠭ᠄
2020/6/24
       ᠴᠢᠩᠭᠢᠰ ᠬᠠᠭᠠᠨ 1227 ᠤᠨ ᠤ 7 ᠰᠠᠷ᠎ᠠ ᠳᠤ ᠲᠠᠩᠭᠤᠳ ᠤᠨ ᠨᠤᠳᠤᠭ ᠲᠤ ᠲᠡᠭᠷᠢ ᠳᠤ ᠬᠠᠯᠢᠬᠰᠠᠨ ᠢᠶᠠᠷ ᠠᠯᠳᠠᠨ ᠱᠠᠷᠢᠯ ᠢ ᠨᠢ ᠲᠥᠷᠥᠭᠰᠡᠨ ᠨᠤᠳᠤᠭ ᠲᠤ ᠨᠢ ᠠᠪᠠᠴᠢᠵᠥ ᠤᠷᠤᠰᠢᠭᠤᠯᠵᠠᠢ᠃ ᠭᠤᠯᠤᠮᠳᠠ ᠨᠤᠳᠤᠭ ᠢᠶᠠᠨ ᠰᠠᠭᠢᠵᠥ᠂ ᠲᠥᠷᠥ ᠶᠢᠨ ᠭᠡᠷᠡᠭ ᠢ ᠵᠠᠭᠢᠷᠴᠤ ᠪᠠᠶᠢᠬᠰᠠᠨ ᠴᠢᠩᠭᠢᠰ ᠬᠠᠭᠠᠨ ᠤ ᠤᠳᠬᠤᠨ ᠭᠥᠪᠡᠭᠦᠨ ᠲᠤᠯᠤᠢ᠂ ᠭᠠᠰᠢᠭᠤᠳᠠᠯ ᠪᠠᠯᠪᠡᠰᠤᠷᠠᠯ ᠵᠠᠷᠯᠠᠵᠤ᠂ ᠴᠢᠩᠭᠢᠰ ᠬᠠᠭᠠᠨ ᠳᠤ ᠲᠠᠭᠢᠯᠭ᠎ᠠ ᠲᠠᠶᠢᠯᠭ᠎ᠠ ᠶᠢᠨ ᠥᠢᠯᠨ ᠶᠤᠰᠤᠯᠠᠯ ᠭᠢᠭᠰᠡᠨ ᠪᠠᠶᠢᠨ᠎ᠠ᠃ ᠡᠭᠦᠨ ᠠᠴᠠ ᠡᠭᠢᠯᠡᠨ ᠴᠢᠩᠭᠢᠰ ᠬᠠᠭᠠᠨ ᠤ ᠲᠠᠭᠢᠯᠭ᠎ᠠ ᠥᠷᠭᠦᠯᠵᠢᠯᠡᠵᠥ᠂ ᠥᠭᠡᠳᠠᠢ ᠬᠠᠭᠠᠨ ᠤ ᠥᠶ᠎ᠠ ᠶᠢ ᠲᠠᠮᠵᠢᠨ᠂ ᠬᠤᠪᠢᠯᠠᠢ ᠬᠠᠭᠠᠨ ᠤ ᠥᠶ᠎ᠠ ᠭᠥᠷᠭᠦ ᠳᠤ᠂ ᠡᠪᠥᠭᠡᠳ ᠤᠨ ᠰᠥᠮ᠎ᠠ ᠪᠠᠶᠢᠭᠤᠯᠵᠤ᠂ ᠲᠥᠷᠪᠡᠨ ᠤᠯᠠᠷᠢᠯ ᠤᠨ ᠲᠠᠭᠢᠯᠭ᠎ᠠ ᠭᠢᠭᠦ ᠪᠤᠯᠵᠠᠢ᠃ ᠲᠡᠭᠦᠨ ᠠᠴᠠ ᠬᠤᠶᠢᠰᠢ ᠤᠮᠠᠷᠠᠳᠤ ᠶᠤᠸᠠᠨ ᠤᠯᠤᠰ᠂ ᠴᠢᠩ ᠤᠯᠤᠰ ᠪᠤᠯᠤᠨ ᠰᠢᠨ᠎ᠠ ᠲᠤᠮᠳᠠᠳᠤ ᠤᠯᠤᠰ ᠵᠠᠷᠭᠡ ᠭᠡᠳᠤᠨ ᠲᠥᠷᠥ ᠶᠢ ᠲᠠᠮᠵᠢᠵᠥ ᠥᠨᠥᠳᠤᠷ ᠲᠤ ᠭᠥᠷᠴᠤ ᠢᠷᠡᠭᠰᠡᠨ 800 ᠵᠠᠭᠤ ᠭᠠᠷᠤᠢ ᠵᠢᠯ ᠤᠨ ᠲᠤᠷᠰᠢ᠂ ᠴᠢᠩᠭᠢᠰ ᠤᠨ ᠲᠠᠭᠢᠯᠭ᠎ᠠ ᠨᠢ ᠠᠳᠠᠯᠢ ᠪᠤᠰᠤ ᠲᠠᠥᠭᠡᠨ ᠱᠠᠳᠤ ᠶᠢ ᠲᠠᠮᠵᠢᠵᠥ ᠤᠯᠠᠮᠵᠢᠯᠠᠭᠳᠠᠬᠤ ᠳᠤ ᠪᠠᠨ ᠮᠠᠨᠳᠤᠯ ᠪᠠᠭᠤᠷᠠᠯ᠂ ᠤᠯᠠᠷᠢᠯ ᠬᠤᠪᠢᠷᠠᠯ ᠤᠨ ᠵᠠᠮ ᠢ ᠲᠤᠭᠤᠯᠤᠭᠰᠠᠨ ᠪᠤᠯᠪᠠᠴᠤ᠂ ᠥᠨᠳᠤᠰᠤᠨ ᠪᠠᠶᠢᠳᠠᠯ ᠢᠶᠠᠨ ᠠᠯᠳᠠᠯ ᠥᠭᠡᠢ ᠤᠯᠠᠮᠵᠢᠯᠠᠭᠳᠠᠵᠤ ᠢᠷᠡᠭᠰᠡᠨ ᠪᠠᠶᠢᠨ᠎ᠠ᠃       ᠯᠢᠭᠳᠡᠨ ᠬᠠᠭᠠᠨ ᠠᠴᠠ ᠬᠤᠶᠢᠰᠢ᠂ ᠴᠢᠩᠭᠢᠰ ᠬᠠᠭᠠᠨ ᠤ ᠲᠠᠭᠢᠯᠭ᠎ᠠ ᠶᠢᠨ ᠭᠤᠤᠯ ᠰᠢᠳᠥᠭᠡᠨ ᠢᠶᠠᠨ ᠤᠷᠳᠤᠰ ᠲᠤ ᠥᠯᠡᠳᠡᠭᠡᠭᠰᠡᠨ ᠠᠴᠠ ᠨᠠᠭᠠᠰᠢᠭᠢ 300 ᠵᠠᠭᠤ ᠭᠠᠷᠤᠢ ᠵᠢᠯ ᠤᠨ ᠲᠤᠷᠰᠢ᠂ ᠴᠢᠩᠭᠢᠰ ᠤᠨ ᠲᠠᠭᠢᠯᠭ᠎ᠠ ᠨᠢ ᠤᠷᠳᠤᠰ ᠨᠤᠳᠤᠭ ᠢᠶᠠᠷ ᠲᠥᠪ ᠪᠤᠯᠭᠠᠵᠤ ᠤᠯᠠᠮᠵᠢᠯᠠᠭᠳᠠᠬᠤ ᠳᠤ ᠪᠠᠨ ᠥᠪᠡᠷᠮᠢᠴᠠ ᠤᠨᠴᠠᠯᠢᠭ ᠢᠶᠠᠨ ᠪᠥᠷᠢᠯᠳᠥᠭᠦᠯᠥᠭᠰᠡᠨ ᠤ ᠬᠠᠮᠳᠤ᠂ ᠪᠥᠷᠢᠨ ᠪᠥᠳᠥᠨ ᠰᠢᠰᠲ᠋ᠧᠮ ᠢᠶᠠᠨ ᠴᠤᠭᠴᠠᠯᠠᠭᠰᠠᠨ ᠶᠤᠮ᠃ ᠴᠢᠩᠭᠢᠰ ᠤᠨ ᠲᠠᠭᠢᠯᠭ᠎ᠠ ᠨᠢ ᠡᠳᠤᠷ ᠤᠨ ᠲᠠᠭᠢᠯᠭ᠎ᠠ᠂ ᠰᠠᠷ᠎ᠠ ᠶᠢᠨ ᠲᠠᠭᠢᠯᠭ᠎ᠠ᠂ ᠤᠯᠠᠷᠢᠯ ᠤᠨ ᠲᠠᠭᠢᠯᠭ᠎ᠠ ᠭᠡᠭᠦ ᠮᠠᠳᠤ ᠲᠤᠭᠳᠠᠭᠰᠠᠨ ᠭᠤᠷᠢᠮ ᠢᠶᠠᠷ ᠶᠠᠪᠤᠭᠳᠠᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号