ᠭᠡᠷ ᠪᠥᠯᠢ ᠶᠢᠨ ᠲᠡᠭᠡᠳᠤᠰ ᠤᠨ ᠲᠠᠭᠢᠯᠭ᠎ᠠ
ᠨᠡᠶᠢᠲᠡᠯᠡᠭᠰᠡᠨ ᠴᠠᠭ᠄
2020/6/30
     ᠮᠤᠩᠭᠤᠯᠴᠤᠳ ᠨᠠᠰᠤ ᠨᠥᠭᠴᠢᠭᠰᠡᠨ ᠠᠬᠠᠮᠠᠳ ᠨᠠᠰᠤᠳᠠᠨ ᠢᠶᠠᠨ ᠮᠥᠷᠥᠭᠡᠳᠤᠨ ᠰᠠᠨᠠᠭᠠᠯᠵᠠᠵᠤ᠂ ᠠᠴᠢ ᠭᠠᠪᠢᠶ᠎ᠠ ᠶᠢ ᠨᠢ ᠲᠤᠷᠠᠰᠬᠠᠨ ᠲᠠᠮᠳᠡᠭᠯᠡᠭᠦ᠂ ᠥᠷᠥᠰᠢᠶᠠᠯ ᠥᠮᠥᠭᠯᠡᠯ ᠢ ᠨᠢ ᠭᠥᠷᠳᠡᠭᠦ ᠶᠢᠨ ᠲᠥᠯᠥᠭᠡ ᠲᠠᠭᠢᠯᠭ᠎ᠠ ᠶᠤᠰᠤᠯᠠᠯ ᠭᠢᠳᠡᠭ᠃ ᠢᠢᠮᠤᠷᠭᠦᠥ ᠲᠠᠭᠢᠯᠭ᠎ᠠ ᠶᠤᠰᠤᠯᠠᠯ ᠢ ᠪᠢᠳᠡᠭᠦᠨ ᠤ ᠤᠷᠤᠢ ᠨᠥᠭᠴᠢᠭᠰᠡᠳ ᠲᠤ ᠪᠠᠨ ᠲᠥᠯᠡᠰᠢ ᠲᠤᠶ᠋ᠢᠩ ᠰᠢᠳᠠᠭᠠᠵᠤ᠂ ᠠᠷᠢᠭᠢ ᠰᠠᠷᠬᠤᠳ᠂ ᠴᠠᠢ ᠬᠤᠭᠤᠯᠠ᠂ ᠰᠢᠭᠢᠷ ᠪᠤᠭᠤᠷᠰᠤᠭ ᠵᠠᠷᠭᠡ ᠢᠳᠡᠭᠡᠨ ᠤᠮᠳᠠᠭᠠᠨ ᠤ ᠲᠡᠭᠡᠵᠢ ᠪᠤᠯᠤᠨ ᠠᠷᠴᠠ᠂ ᠭᠥᠵᠢ᠂ ᠪᠥᠰ᠂ ᠲᠤᠷᠭ᠎ᠠ ᠶᠢᠨ ᠥᠭᠡᠳᠡᠰᠤ ᠵᠠᠷᠭᠡ ᠶᠢ ᠡᠷᠭᠦᠵᠥ᠂ ᠴᠠᠭᠠᠳᠤ ᠶᠢᠷᠳᠢᠨᠴᠤ ᠳᠤ ᠮᠤᠷᠢᠯᠠᠭᠰᠠᠨ ᠡᠪᠦᠭᠡ ᠲᠡᠭᠡᠳᠤᠰ ᠤᠨ ᠢᠶᠠᠨ ᠰᠥᠨᠠᠰᠤ ᠶᠢ ᠪᠠᠶᠠᠰᠬᠠᠬᠤ ᠪᠠᠷ ᠲᠠᠭᠢᠯᠭ᠎ᠠ ᠶᠢᠨ ᠥᠢᠯᠨ ᠭᠥᠢᠴᠡᠳᠭᠡᠭᠦ ᠨᠢ ᠲᠥᠭᠡᠮᠡᠯ ᠤᠯᠠᠮᠵᠢᠯᠠᠭᠳᠠᠵᠤ ᠢᠷᠠᠵᠠᠢ᠃ ᠮᠥᠨ ᠪᠢᠯᠢᠭ ᠤᠨ ᠤᠯᠠᠷᠢᠯ ᠤᠨ ᠬᠤᠷᠢᠨ ᠭᠤᠷᠪᠠᠨ ᠤ ᠭᠠᠯ ᠲᠠᠭᠢᠯᠭ᠎ᠠ᠂ ᠪᠢᠳᠡᠭᠦᠨ᠂ ᠰᠢᠨ᠎ᠠ ᠶᠢᠨ ᠨᠢᠭᠡᠨ ᠵᠢᠴᠢ ᠨᠠᠰᠤ ᠨᠥᠭᠴᠢᠭᠰᠡᠨ ᠡᠳᠤᠷ ᠨᠢ ᠡᠪᠦᠭᠡ ᠲᠡᠭᠡᠳᠤᠰ ᠲᠤ ᠪᠠᠨ ᠵᠤᠯᠠ᠂ ᠭᠥᠵᠢ ᠠᠰᠠᠭᠠᠵᠤ ᠲᠠᠭᠢᠯᠭ᠎ᠠ ᠶᠢᠨ ᠶᠤᠰᠤ ᠭᠥᠢᠴᠡᠳᠭᠡᠳᠡᠭ᠃ ᠲᠠᠷᠠᠴᠢᠯᠠᠨ ᠬᠠᠨᠭ᠍ᠰᠢ ᠶᠢᠨ ᠡᠳᠤᠷ ᠲᠡᠭᠡᠳᠤᠰ ᠤᠨ ᠤᠡᠭᠭᠤᠨ ᠳᠤ ᠰᠢᠷᠥᠢ ᠨᠠᠮᠡᠵᠤ᠂ ᠲᠥᠯᠠᠰᠢ ᠲᠤᠶ᠋ᠢᠩ ᠰᠢᠳᠠᠭᠠᠬᠤ ᠨᠢ ᠴᠤ ᠡᠪᠦᠭᠡ ᠲᠡᠭᠡᠳᠤᠰ ᠢᠶᠠᠨ ᠲᠡᠭᠢᠬᠤ ᠥᠢᠯᠨ ᠶᠤᠰᠤᠯᠠᠯ ᠤᠨ ᠨᠢᠭᠡ ᠵᠥᠢᠯ ᠤᠨ ᠤᠯᠠᠷᠢᠯ ᠬᠤᠪᠢᠷᠠᠯ᠂ ᠤᠯᠠᠮᠵᠢᠯᠠᠯ ᠵᠠᠯᠭᠠᠮᠵᠢᠯᠠᠯ ᠪᠤᠯᠬᠤ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号