ᠵᠤᠨ ᠤ ᠤᠯᠠᠷᠢᠯ ᠤᠨ ᠨᠠᠭᠤᠷ ᠤᠨ ᠶᠡᠭᠡ ᠬᠤᠷᠢᠮ
ᠨᠡᠶᠢᠲᠡᠯᠡᠭᠰᠡᠨ ᠴᠠᠭ᠄
2020/6/8
       ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠲᠠᠪᠤᠨ ᠤ ᠡᠳᠦᠷ ᠳᠡᠭᠡᠳᠤ ᠲᠡᠭᠷᠢ᠂ ᠪᠤᠭᠳᠠ ᠡᠵᠡᠨ ᠳᠤ ᠪᠠᠨ ᠭᠡᠭᠦᠦ ᠶᠢᠨ ᠰᠦᠨ ᠤ ᠰᠠᠴᠤᠯᠢ ᠡᠷᠭᠦᠵᠤ᠂ ᠪᠠᠶᠠᠨ ᠱᠠᠩ ᠤᠨ ᠤᠷᠳᠤᠨ ᠢᠶᠠᠨ ᠳᠠᠬᠢᠵᠤ᠂ ᠭᠠᠪᠢᠶᠠᠲᠠᠨ ᠱᠠᠩᠨᠠᠨ ᠶᠠᠮᠤ ᠶᠢᠨ ᠭᠡᠰᠢᠭ ᠲᠦᠭᠡᠭᠡᠬᠦ ᠳᠠᠭᠢᠯᠭ᠎ᠠ ᠶᠢ ᠨᠠᠭᠤᠷ ᠤᠨ ᠶᠡᠭᠡ ᠬᠤᠷᠢᠮ ᠬᠡᠳᠡᠭ᠃ ᠪᠠᠰᠠ ᠵᠤᠯᠠᠭ ᠤᠨ ᠶᠡᠭᠡ ᠬᠤᠷᠢᠮ ᠬᠡᠵᠤ ᠬᠡᠯᠡᠳᠡᠭ᠃ ᠵᠤᠨ ᠤ ᠤᠯᠠᠷᠢᠯ ᠤᠨ ᠨᠠᠭᠤᠷ ᠤᠨ ᠶᠡᠭᠡ ᠬᠤᠷᠢᠮ ᠪᠤᠯ ᠬᠤᠪᠢᠯᠠᠢ ᠰᠡᠴᠡᠨ ᠬᠠᠭᠠᠨ ᠤ ᠵᠠᠷᠯᠢᠭ ᠢᠶᠠᠷ ᠲᠤᠭᠲᠠᠭᠠᠭᠰᠠᠨ ᠳᠦᠷᠪᠡᠨ ᠴᠠᠭ ᠤᠨ ᠬᠤᠷᠢᠮ ᠤᠨ ᠨᠢᠭᠡ ᠶᠤᠮ᠃ ︽ᠠᠷᠪᠠᠨ ᠪᠤᠶᠠᠨᠲᠤ ᠨᠤᠮ ᠤᠨ ᠴᠠᠭᠠᠨ ᠲᠡᠤᠬᠡ︾ ᠳᠤ᠂ ︽ᠵᠤᠨ ᠤ ᠳᠤᠮᠳᠠ ᠲᠤ ᠮᠤᠷᠢᠨ ᠰᠠᠷᠠᠶᠢᠨ ᠠᠷᠪᠠᠨ ᠵᠢᠷᠭᠤᠭᠠᠨ᠎ᠠ ᠶᠢᠷᠲᠢᠨᠴᠤ ᠶᠢᠨ ᠰᠢᠲᠦᠭᠡᠨ ᠳᠡᠩᠯᠡᠷ ᠶᠡᠭᠡ ᠲᠤᠬᠠᠨ ᠢ ᠲᠠᠪᠢᠯᠠᠵᠤ ᠶᠡᠷᠡ ᠶᠢᠰᠤᠨ ᠴᠠᠬᠠᠬᠠᠴᠤᠳ ᠤᠨ ᠤᠬᠤᠷᠠᠭ ᠦᠷᠡᠰ ᠢ ᠬᠠᠷᠬᠠᠭᠰᠠᠨ ᠢᠶᠠᠷ ᠵᠤᠨ ᠤ ᠨᠠᠭᠤᠷ ᠤᠨ ᠬᠤᠷᠢᠮ ᠢ ᠲᠡᠷᠡ ᠡᠳᠦᠷ ᠦᠢᠯᠡᠳᠰᠦᠭᠡᠢ︾ ᠭᠡᠵᠠᠢ᠃ ᠵᠤᠨ ᠤ ᠤᠯᠠᠷᠢᠯ ᠤᠨ ᠨᠠᠭᠤᠷ ᠤᠨ ᠶᠡᠭᠡ ᠬᠤᠷᠢᠮ ᠤᠨ ᠳᠡᠰ ᠳᠠᠷᠠᠭ᠎ᠠ ᠨᠢ ᠪᠤᠰᠤᠳ ᠬᠡᠳᠤᠨ ᠤᠯᠠᠷᠢᠯ ᠤᠨ ᠳᠠᠭᠢᠯᠭ᠎ᠠ ᠲᠠᠢ ᠥᠨᠳᠤᠰᠤᠨ ᠳᠤ ᠪᠠᠨ ᠠᠳᠠᠯᠢ᠂ ᠬᠠᠷᠢᠨ ︽ᠵᠢᠷᠠᠨ ᠶᠠᠮᠤ ᠶᠢᠨ ᠲᠦᠭᠡᠭᠡᠯ︾ ᠬᠡᠬᠦ ᠤᠨᠴᠠᠭᠠᠢ ᠶᠤᠰᠤᠯᠠᠯ ᠲᠠᠢ ᠪᠠᠶᠢᠳᠠᠭ ᠃ ᠡᠨᠡ ᠬᠦ ᠶᠠᠮᠤ ᠶᠢᠨ ᠲᠦᠭᠡᠭᠡᠯ ᠤᠨ ᠵᠠᠩ ᠦᠢᠯᠡ ᠨᠢ ᠴᠢᠩᠬᠢᠰ ᠬᠠᠭᠠᠨ ᠴᠠᠭᠠᠭᠴᠢᠨ ᠬᠤᠨᠢᠨ ᠵᠢᠯ ︵1211 ᠤᠨ︶ ᠬᠡᠷᠤᠯᠤᠨ ᠤ ᠰᠡᠷᠢᠭᠦᠨ ᠵᠦᠯᠭᠡᠨ ᠳᠡᠭᠡᠷ᠎ᠡ ᠭᠡᠭᠦᠦ ᠶᠢᠨ ᠰᠦᠨ ᠤ ᠰᠠᠴᠤᠯᠢ ᠡᠷᠭᠦᠭᠰᠡᠨ ᠶᠡᠭᠡ ᠨᠠᠶᠢᠷ ᠳᠡᠭᠡᠷ᠎ᠡ ᠪᠠᠨ ᠮᠤᠩᠭᠤᠯ ᠲᠦᠷᠦ ᠶᠢ ᠪᠠᠶᠢᠭᠤᠯᠬᠤ ᠳᠤ ᠵᠢᠳᠬᠦᠯ ᠦᠵᠡᠬᠦᠯᠦᠭᠰᠡᠠ ᠭᠠᠪᠢᠶᠠᠲᠠᠨ ᠢᠶᠠᠨ ᠱᠠᠩᠨᠠᠨ ᠬᠦᠬᠢᠭᠦᠯᠵᠤ᠂ ᠲᠦᠷᠦ ᠶᠢᠨ ︽ᠠᠯᠲᠠᠨ ᠳᠡᠪᠲᠡᠷ︾ ᠲᠤ ᠪᠠᠨ ᠨᠡᠷᠡᠰ ᠢ ᠨᠢ ᠲᠡᠮᠲᠡᠭᠯᠡᠨ ᠦᠨᠢᠳᠡ ᠳᠤᠷᠠᠰᠬᠠᠭᠰᠠᠨ ᠢ ᠰᠡᠭᠦᠯᠴᠢ ᠶᠢᠨ ᠬᠠᠭᠠᠳ ᠨᠢ ᠲᠦᠷᠦ ᠶᠢᠨ ᠶᠡᠭᠡ ᠬᠤᠷᠢᠮ ᠲᠡᠭᠡᠷ᠎ᠠ ︽ᠠᠯᠲᠠᠨ ᠲᠦᠭᠡᠭᠡᠯ︾ ᠳᠤ ᠳᠠᠭᠤᠳᠠᠵᠤ᠂ ᠲᠠᠳᠠᠨ ᠤ ᠦᠷ᠎ᠡ ᠬᠡᠤᠬᠡᠳ ᠲᠤ ᠱᠠᠩ ᠭᠡᠰᠢᠭ ᠬᠦᠷᠲᠡᠭᠡᠳᠡᠭ ᠵᠠᠩᠰᠢᠯ ‍ᠠᠴᠠ ᠤᠯᠠᠮᠵᠢᠯᠠᠭᠳᠠᠵᠠᠢ᠃ ᠵᠤᠨ ᠤ ᠤᠯᠠᠷᠢᠯ ᠤᠨ ᠨᠠᠭᠤᠷ ᠤᠨ ᠬᠤᠷᠢᠮ ᠤᠨ ᠳᠠᠭᠢᠯᠭ᠎ᠠ ᠨᠢ ᠡᠬᠢᠯᠡᠭᠡᠳ ᠨᠢᠨᠳᠠᠷ᠂ ᠵᠤᠯᠠ᠂ ᠦᠳᠭᠡ᠂ ᠰᠠᠷᠬᠤᠳ ᠡᠷᠭᠦᠵᠤ ᠭᠤᠯᠤᠮᠳᠠ ᠲᠦᠭᠡᠨᠡᠵᠤ ᠦᠴᠢᠭ ᠢᠷᠦᠭᠡᠯ ᠤᠩᠰᠢᠵᠤ᠂ ᠢᠷᠦᠭᠡᠯᠴᠢ ‍ᠠᠴᠠ ︽ᠠᠯᠲᠠᠨ ᠤᠷᠳᠤᠨ ᠤ ᠶᠡᠭᠡ ᠮᠠᠩᠯᠠᠢ ᠲᠦᠭᠡᠭᠡᠯ︾ ᠦᠴᠢᠭ ᠢ ᠤᠩᠰᠢᠵᠤ ᠪᠠᠷᠠᠭᠠᠳ ᠵᠢᠷᠠᠨ ᠶᠠᠮᠤ ᠶᠢᠨ ᠭᠡᠰᠢᠭ ᠢᠶᠠᠨ ᠲᠦᠭᠡᠭᠡᠪᠡᠯ᠂ ᠵᠤᠨ ᠤ ᠨᠠᠭᠤᠷ ᠤᠨ ᠬᠤᠷᠢᠮ ᠤᠨ ᠳᠠᠭᠢᠯᠭ᠎ᠠ ᠲᠡᠭᠦᠰᠳᠡᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号