ᠲᠤᠲ᠋ᠧᠮ ᠰᠢᠳᠥᠯᠭᠡ ᠪᠤᠯ ᠭᠥᠮᠥᠨ ᠲᠥᠷᠥᠯᠭᠢᠳᠠᠨ ᠤ ᠨᠠᠶᠢᠭᠡᠮ ᠤᠨ ᠭᠥᠭᠵᠢᠯ ᠤᠨ ᠲᠤᠤᠷᠠᠳᠤ ᠱᠠᠳᠤᠨ ᠳᠤ | ᠡᠭᠦᠰᠤᠨ ᠪᠥᠷᠢᠯᠳᠥᠭᠰᠡᠨ ᠨᠢᠭᠡ ᠵᠥᠢᠯ ᠤᠨ ᠰᠢᠳᠥᠯᠭᠡ ᠪᠤᠯᠤᠨ᠎ᠠ᠃ ᠲᠠᠷᠠ ᠨᠢ ᠲᠤᠭᠳᠠᠭᠰᠠᠨ ᠨᠢᠭᠡ ᠪᠥᠯᠥᠭ ᠭᠥᠮᠥᠰ | ᠂ ᠥᠪᠡᠷᠰᠠᠳ ᠤᠨ ᠡᠭᠦᠰᠤᠯ ᠭᠠᠷᠤᠯ ᠢᠶᠠᠨ ᠶᠠᠮᠠᠷ ᠨᠢᠭᠡᠨ ᠠᠮᠢᠳᠠᠨ᠂ ᠤᠷᠭᠤᠮᠠᠯ ᠲᠠᠢ ᠬᠤᠯᠪᠤᠵᠤ ᠥᠵᠡᠭᠰᠡᠨ ᠪᠠᠯᠠᠷ | ᠡᠷᠳᠠᠨ ᠤ ᠥᠶ᠎ᠠ ᠶᠢᠨ ᠰᠢᠳᠥᠯᠭᠡ ᠪᠢᠰᠢᠷᠠᠯ ᠶᠤᠮ᠃ ᠲᠤᠲ᠋ᠧᠮ ᠰᠢᠳᠥᠯᠭᠡ ᠨᠢ ᠲᠤᠲ᠋ᠧᠮ ᠤᠨ ᠲᠤᠮᠤᠭ᠂ ᠲᠤᠲ᠋ᠧᠮ ᠤᠨ | ᠬᠤᠪᠢᠯᠭᠠᠨ᠂ ᠲᠤᠲ᠋ᠧᠮ ᠤᠨ ᠲᠥᠪ᠂ ᠲᠤᠲ᠋ᠧᠮ ᠤᠨ ᠶᠤᠰᠤᠯᠠᠯ᠂ ᠲᠤᠲ᠋ᠧᠮ ᠤᠨ ᠴᠡᠭᠡᠷ ᠵᠠᠷᠭᠡ ᠪᠠᠷ ᠪᠥᠷᠢᠯᠳᠥᠳᠡᠭ᠃ | | ᠮᠤᠩᠭᠤᠯᠴᠤᠳ ᠲᠤ ᠲᠤᠲ᠋ᠧᠮ ᠪᠠᠶᠢᠬᠰᠠᠨ ᠡᠰᠡᠭᠦ ᠲᠤᠬᠠᠢ ᠡᠷᠳᠠᠮ ᠰᠢᠨᠵᠢᠯᠡᠭᠡᠨ ᠤ ᠬᠢᠨ ᠠᠳᠠᠯᠢ ᠪᠤᠰᠤ | ᠥᠵᠠᠯᠳᠠ ᠲᠠᠢ᠃ ᠪ᠊ · ᠶ᠊ · ᠸᠯᠠᠳᠢᠮᠢᠷᠼᠥᠸ᠋ ︽ᠮᠤᠩᠭᠤᠯ ᠤᠨ ᠨᠠᠶᠢᠭᠡᠮ ᠤᠨ ᠪᠠᠶᠢᠭᠤᠯᠤᠮᠵᠢ︾ ᠨᠤᠮ ᠳᠤ ᠪᠠᠨ ︽ | ᠡᠷᠳᠠᠨ ᠤ ᠥᠶ᠎ᠠ ᠶᠢᠨ ᠮᠤᠩᠭᠤᠯᠴᠤᠳ ᠲᠤ ᠲᠤᠲ᠋ᠧᠮ ᠶᠤᠰᠤ ᠪᠠ ᠴᠡᠭᠡᠷᠯᠡᠯ ᠵᠡᠷᠭᠡ ᠶᠢ ᠪᠢᠳᠠ ᠪᠠᠷᠤᠭ ᠪᠥᠷ ᠮᠡᠳᠡᠭᠦ | ᠥᠭᠡᠢ᠃ ︿ᠨᠢᠭᠤᠴᠠ ᠲᠤᠪᠴᠢᠶᠠᠨ﹀ ᠳᠤ ᠴᠢᠩᠭᠢᠰ ᠬᠠᠭᠠᠨ ᠤ ᠭᠠᠷᠤᠭᠰᠠᠨ ᠲᠠᠷᠠ ᠤᠪᠤᠭ ᠤᠨ ᠢᠵᠠᠭᠤᠷ | ᠲᠡᠭᠡᠳᠤᠰ ᠪᠤᠯ ᠨᠢᠭᠡ ︿ᠪᠥᠷᠳᠠ ᠴᠢᠨ᠋ᠸ᠎ᠠ﹀᠂ ᠨᠢᠭᠡ ︿ᠭᠤᠸ᠎ᠠ ᠮᠠᠷᠠᠯ﹀ ᠮᠥᠨ ᠭᠡᠵᠥ ᠭᠡᠯᠡᠵᠤ ᠪᠤᠢ᠃ ᠭᠡᠷᠪᠠ | ᠡᠭᠦᠨ ᠢᠶᠠᠷ ᠡᠷᠳᠠᠨ ᠤ ᠥᠶ᠎ᠠ ᠶᠢᠨ ᠮᠤᠩᠭᠤᠯᠴᠤᠳ ᠤᠨ ᠲᠤᠲ᠋ᠧᠮ ᠤᠨ ᠶᠤᠰᠤ ᠶᠢ ᠲᠤᠳᠤᠷᠬᠠᠢᠢᠯᠠᠬᠤ ᠳᠤ ᠭᠥᠷᠪᠡᠯ | ᠲᠠᠩᠴᠢ ᠭᠥᠷᠥᠯᠴᠡᠭᠦ ᠥᠭᠡᠢ ᠶᠠᠪᠤᠳᠠᠯ ᠪᠤᠯᠬᠤ ᠶᠤᠮ︾ ᠭᠡᠵᠠᠢ᠃ | ᠰᠡᠭᠦᠯ ᠤᠨ ᠥᠶ᠎ᠠ ᠳᠤ ᠮᠤᠩᠭᠤᠯᠴᠤᠳ ᠤᠨ ᠲᠤᠲ᠋ᠧᠮ ᠰᠢᠳᠥᠯᠭᠡ ᠶᠢᠨ ᠲᠠᠯ᠎ᠠ ᠪᠠᠷ ᠡᠷᠳᠠᠮᠳᠠᠳ ᠨᠠᠯᠢᠶᠠᠳ | ᠠᠩᠬᠠᠷᠬᠤ ᠪᠤᠯᠵᠤ᠂ ᠲᠠᠥᠭᠡ ᠶᠢᠨ ᠨᠤᠮ ᠵᠤᠭᠢᠶᠠᠯ ᠳᠠᠬᠢ ᠲᠠᠮᠳᠡᠭᠯᠡᠯ ᠪᠤᠯᠤᠨ ᠤᠷᠠᠨ ᠵᠤᠭᠢᠶᠠᠯ᠂ ᠵᠠᠩ ᠥᠢᠯᠨ᠂ | ᠰᠤᠶᠤᠯ ᠭᠥᠮᠥᠨ ᠵᠥᠢ ᠶᠢᠨ ᠰᠤᠳᠤᠯᠭᠠᠨ ᠲᠠᠢ ᠤᠶᠠᠯᠳᠤᠭᠤᠯᠵᠤ᠂ ᠮᠤᠩᠭᠤᠯᠴᠤᠳ ᠤᠨ ᠲᠤᠲ᠋ᠧᠮ ᠨᠢ ᠴᠢᠨ᠋ᠸ᠎ᠠ᠂ | ᠪᠤᠭᠤ᠂ ᠴᠠᠭᠠᠨ ᠱᠤᠩᠬᠤᠷ᠂ ᠬᠤᠨ ᠭᠠᠯᠠᠭᠤ᠂ ᠪᠤᠬ᠎ᠠ ᠵᠠᠷᠭᠡ ᠭᠡᠵᠥ ᠥᠵᠡᠭᠰᠡᠨ ᠪᠠᠶᠢᠳᠠᠭ᠃ |