ᠰᠦᠨᠡᠰᠤ ᠠᠮᠠᠷᠠᠭᠤᠯᠬᠤ
ᠨᠡᠶᠢᠲᠡᠯᠡᠭᠰᠡᠨ ᠴᠠᠭ᠄
2020/7/15
     ᠡᠷᠳᠡᠨ ᠤ ᠮᠤᠩᠭᠤᠯᠴᠤᠳ ᠤᠨ ᠤᠶᠢᠯᠠᠭᠠᠯᠳᠠ ᠳᠤ᠂ ᠬᠦᠮᠦᠨ ᠨᠠᠰᠤ ᠪᠠᠷᠠᠪᠠᠯ᠂ ᠰᠦᠨᠡᠰᠤ ᠨᠢ ᠦᠯᠡᠳᠡᠵᠤ᠂ ᠭᠡᠭᠦᠷ ᠤᠡᠭᠭᠤᠨ ᠢᠶᠠᠨ ᠬᠠᠷᠠᠳᠠᠭ ᠭᠡᠵᠤ ᠦᠵᠡᠳᠡᠭ᠃ ᠲᠠᠶᠢᠮᠤ ᠠᠴᠠ ᠬᠦᠮᠦᠰ ᠡᠶᠢᠮᠦᠷᠭᠦᠦ ᠰᠦᠨᠡᠰᠤ ᠶᠢ ᠪᠠᠶᠠᠰᠬᠠᠬᠤ ᠭᠡᠵᠤ ᠡᠯᠳᠡᠪ ᠵᠦᠢᠯ ᠤᠨ ᠪᠤᠳᠠᠰ ᠲᠠᠭᠠᠯᠳᠤᠭᠤᠯᠤᠨ ᠤᠷᠤᠰᠢᠭᠤᠯᠵᠤ᠂ ᠰᠦᠨᠡᠰᠤ ᠶᠢ ᠨᠢ ᠪᠠᠶᠠᠰᠬᠠᠨ ᠠᠮᠠᠷᠠᠭᠤᠯᠳᠠᠭ᠃ ᠮᠤᠩᠭᠤᠯᠴᠤᠳ ᠤᠨ ᠲᠤᠮᠳᠠ ᠨᠦᠭᠴᠢᠭᠰᠡᠳ ᠤᠨ ᠰᠦᠨᠡᠰᠤ ᠶᠢ ᠠᠮᠠᠷᠠᠭᠤᠯᠬᠤ ᠳᠤ ᠡᠯᠳᠡᠪ ᠤᠨ ᠪᠤᠳᠠᠰ ᠲᠠᠭᠠᠯᠳᠤᠭᠤᠯᠤᠨ ᠤᠷᠤᠰᠢᠭᠤᠯᠵᠤ ᠪᠠᠶᠢᠬᠰᠠᠨ ᠪᠦᠭᠡᠳ ᠡᠷᠳᠡᠨ ᠤ ᠬᠠᠭᠠᠨ ᠡᠵᠡᠳ᠂ ᠨᠤᠶᠠᠳ ᠲᠦᠰᠢᠮᠡᠳ ᠤᠨ ᠤᠷᠤᠰᠢᠭᠤᠯᠭ᠎ᠠ ᠶᠢᠨ ᠭᠠᠵᠠᠷ ᠲᠤ ᠤᠢ ᠮᠤᠳᠤ ᠲᠠᠷᠢᠵᠤ᠂ ᠰᠦᠨᠡᠰᠤ ᠶᠢ ᠨᠢ ᠠᠮᠠᠷᠠᠭᠤᠯᠵᠤ ᠪᠠᠶᠢᠯ᠎ᠡ ᠭᠡᠳᠡᠭ᠃ ᠫᠯᠠᠨ ᠺᠠᠷᠫᠢᠠ᠂ ᠸᠢᠯᠢᠶᠠᠮ ᠷᠦᠪᠷᠥ᠋ᠭ ᠤᠨ ︽ᠮᠤᠩᠭᠤᠯ ᠳᠤ ᠵᠢᠭᠤᠯᠴᠢᠯᠠᠬᠰᠠᠨ ᠲᠡᠮᠳᠡᠭᠯᠡᠯ︾ ᠳᠤ᠂ ︽ᠡᠳᠦᠭᠡ ᠶᠢᠨ ᠶᠡᠭᠡ ᠬᠠᠭᠠᠨ ᠤ ᠡᠴᠢᠭᠡ ᠦᠭᠡᠳᠡᠢ ᠬᠠᠭᠠᠨ ᠦᠪᠡᠷ ᠤᠨ ᠰᠦᠨᠡᠰᠤ ᠶᠢ ᠠᠮᠤᠷᠯᠢᠩᠭᠤᠢ ᠪᠠᠶᠢᠯᠭᠠᠬᠤ ᠶᠢᠨ ᠲᠤᠯᠠᠳᠠ ᠨᠢᠭᠡᠨ ᠭᠡᠰᠡᠭ ᠰᠦᠭᠡᠭ ᠰᠢᠭᠤᠢ ᠲᠠᠷᠢᠭᠤᠯᠤᠭᠠᠳ ᠪᠠᠶᠢᠬᠰᠠᠨ ᠢ ᠪᠢᠳᠡ ᠤᠯᠵᠤ ᠦᠵᠡᠭᠰᠡᠨ ᠪᠦᠭᠡᠳ ᠲᠡᠳᠡᠭᠡᠷ ᠰᠦᠭᠡᠭ ᠮᠤᠳᠤ ᠶᠢ ᠭᠡᠨ ᠴᠤ ᠤᠬᠳᠤᠯᠵᠤ ᠦᠯᠦ ᠪᠤᠯᠬᠤ ᠪᠠ ᠭᠡᠷᠪᠡ ᠶᠠᠮᠠᠷ ᠨᠢᠭᠡᠨ ᠬᠦᠮᠦᠨ ᠮᠤᠳᠤᠨ ᠤ ᠮᠦᠴᠢᠷ ᠢ ᠴᠠᠪᠴᠢᠵᠤ ᠬᠤᠭᠤᠯᠤᠬᠰᠠᠨ ᠪᠠᠶᠢᠪᠠᠯ ᠲᠡᠷᠡ ᠬᠦᠮᠦᠨ ᠢ ᠲᠠᠰᠢᠭᠤᠷᠳᠠᠬᠤ ᠪᠤᠶᠤ ᠬᠤᠪᠴᠠᠰᠤ ᠶᠢ ᠨᠢ ᠲᠠᠶᠢᠴᠢᠵᠤ ᠪᠠᠶᠢᠭᠠᠳ ᠦᠰᠦᠷᠳᠡᠯ᠎ᠡ ᠵᠠᠨᠴᠢᠬᠤ ᠲᠤᠬᠠᠢ ᠵᠠᠷᠯᠢᠭ ᠪᠠᠭᠤᠯᠭᠠᠬᠰᠠᠨ ᠪᠠᠶᠢᠳᠠᠭ ᠪᠦᠭᠡᠳ ᠢᠡᠭᠭᠢᠵᠤ ᠵᠠᠨᠴᠢᠬᠳᠠᠵᠤ ᠪᠠᠶᠢᠬᠰᠠᠨ ᠬᠦᠮᠦᠰ ᠢ ᠴᠤ ᠪᠢᠳᠡ ᠨᠢᠳᠦ ᠪᠠᠷ ᠢᠶᠠᠨ ᠤᠯᠵᠤ ᠦᠵᠡᠭᠰᠡᠨ ᠤᠳᠠᠭ᠎ᠠ ᠪᠤᠢ︾ ᠭᠡᠵᠤ ᠲᠡᠮᠳᠡᠭᠯᠡᠵᠡᠢ᠃ ᠲᠤᠰ ᠲᠡᠮᠳᠡᠭᠯᠡᠯ ᠠᠴᠠ ᠦᠵᠡᠭᠦ ᠳᠤ᠂ ᠮᠤᠳᠤ ᠲᠠᠷᠢᠵᠤ ᠨᠦᠭᠴᠢᠭᠰᠡᠳ ᠤᠨ ᠰᠦᠨᠡᠰᠤ ᠶᠢ ᠠᠮᠠᠷᠠᠭᠤᠯᠬᠤ ᠨᠢ ᠬᠦᠮᠦᠨ ᠤ ᠰᠦᠨᠡᠰᠤ ᠮᠤᠳᠤᠨ ᠳᠤ ᠤᠷᠤᠰᠢᠨ᠎ᠡ ᠭᠡᠭᠦ ᠤᠶᠢᠯᠠᠭᠠᠯᠳᠠ ᠲᠠᠢ ᠬᠤᠯᠪᠤᠭ᠎ᠠ ᠲᠠᠢ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号