ᠤᠰᠤᠨ ᠤ ᠴᠡᠭᠡᠷ
ᠨᠡᠶᠢᠲᠡᠯᠡᠭᠰᠡᠨ ᠴᠠᠭ᠄
2020/7/21
      ᠤᠰᠤ ᠶᠢ ᠲᠡᠭᠡᠳᠤᠯᠡᠨ ᠭᠥᠨᠳᠤᠳᠭᠡᠭᠦ ᠥᠵᠠᠯ ᠰᠠᠳᠭᠢᠯᠭᠡ ᠪᠤᠯᠤᠨ ᠤᠰᠤ ᠶᠢ ᠰᠢᠳᠥᠵᠥ ᠲᠠᠭᠢᠬᠤ ᠥᠢᠯᠨ ᠶᠤᠰᠤᠯᠠᠯ ᠤᠨ ᠶᠠᠪᠤᠴᠠ ᠳᠤ᠂ ᠤᠰᠤᠨ ᠤ ᠲᠤᠬᠠᠢ ᠴᠡᠭᠡᠷ ᠶᠤᠰᠤ ᠪᠥᠷᠢᠯᠳᠥᠨ ᠡᠭᠦᠰᠴᠤ᠂ ᠤᠯᠠᠮᠵᠢᠯᠠᠭᠳᠠᠵᠤ ᠢᠷᠡᠭᠰᠡᠨ ᠪᠠᠶᠢᠨ᠎ᠠ᠃ ᠡᠭᠦᠨ ᠳᠤ᠂ ᠭᠤᠤᠯ ᠮᠥᠷᠠᠨ᠂ ᠪᠤᠯᠠᠭ ᠱᠠᠩᠳᠠ᠂ ᠨᠠᠭᠤᠷ ᠴᠥᠭᠦᠷᠥᠮ᠂ ᠬᠤᠳᠳᠤᠭ ᠤᠰᠤᠨ ᠤ ᠠᠷᠢᠭᠤᠨ ᠴᠠᠪᠠᠷ ᠢ ᠡᠷᠭᠢᠮᠯᠡᠨ ᠲᠡᠭᠡᠳᠤᠯᠡᠵᠥ᠂ ᠭᠤᠤᠯ ᠮᠥᠷᠠᠨ᠂ ᠪᠤᠯᠠᠭ ᠱᠠᠩᠳᠠ᠂ ᠨᠠᠭᠤᠷ ᠴᠥᠭᠦᠷᠥᠮ ᠳᠤ ᠪᠠᠶ᠎ᠠ ᠤᠭᠢᠶᠠᠬᠤ᠂ ᠬᠤᠪᠴᠠᠰᠤ ᠬᠤᠨᠠᠷ ᠤᠭᠢᠶᠠᠬᠤ ᠪᠠ ᠬᠤᠭ ᠨᠤᠪᠰᠢ ᠬᠠᠶᠠᠬᠤ ᠶᠢ ᠴᠡᠭᠡᠷᠯᠡᠳᠡᠭ᠃ ᠭᠤᠤᠯ ᠮᠥᠷᠠᠨ᠂ ᠪᠤᠯᠠᠭ ᠱᠠᠩᠳᠠ ᠶᠢᠨ ᠡᠭᠢ ᠤᠨᠳᠤᠷᠤᠯ ᠤᠨ ᠭᠠᠵᠠᠷ ᠪᠤᠯᠤᠨ ᠤᠷᠤᠰᠬᠠᠯ ᠲᠠᠭᠠᠤ ᠤᠷᠭᠤᠭᠰᠠᠨ ᠮᠤᠳᠤ ᠶᠢ ᠤᠭᠳᠤᠯᠵᠤ ᠰᠥᠢᠳᠭᠡᠭᠦ᠂ ᠬᠠᠳᠠ ᠴᠢᠯᠠᠭᠤ ᠶᠢ ᠭᠥᠳᠡᠯᠭᠡᠭᠦ᠂ ᠭᠥᠷᠥᠰᠤ ᠰᠢᠷᠥᠢ ᠶᠢ ᠨᠢ ᠡᠪᠳᠡᠭᠦ ᠵᠠᠷᠭᠡ ᠶᠢ ᠴᠡᠭᠡᠷᠯᠡᠳᠡᠭ᠃ ᠭᠡᠷᠪᠠ ᠵᠠᠶᠢᠯᠠᠰᠢ ᠥᠭᠡᠢ ᠱᠠᠭᠠᠷᠳᠠᠯᠭ᠎ᠠ ᠪᠠᠷ ᠮᠤᠳᠤ᠂ ᠴᠢᠯᠠᠭᠤ ᠶᠢ ᠨᠢ ᠭᠥᠳᠡᠯᠭᠡᠵᠥ ᠭᠥᠨᠳᠡᠭᠰᠡᠨ ᠳᠤ ᠭᠥᠷᠪᠠᠯ᠂ ᠤᠭᠳᠤᠯᠤᠭᠰᠠᠨ ᠮᠤᠳᠤᠨ ᠤ ᠪᠠᠨ ᠶᠤᠵᠤᠭᠤᠷ ᠢ ᠨᠢ ᠨᠥᠢᠳᠠᠨ ᠰᠢᠪᠡᠷ ᠢᠶᠠᠷ ᠬᠤᠴᠢᠵᠥ᠂ ᠬᠤᠪᠬᠤᠯᠤᠭᠰᠠᠨ ᠴᠢᠯᠠᠭᠤ ᠶᠢᠨ ᠤᠷᠤᠮ ᠢ ᠰᠢᠷᠥᠢ ᠪᠠᠷ ᠲᠡᠭᠰᠢᠯᠡᠨ ᠲᠠᠯᠪᠢᠳᠠᠭ ᠵᠠᠩᠰᠢᠯ ᠲᠠᠢ᠃ ᠭᠤᠤᠯ ᠮᠥᠷᠠᠨ᠂ ᠪᠤᠯᠠᠭ ᠱᠠᠩᠳᠠ᠂ ᠨᠠᠭᠤᠷ ᠴᠥᠭᠦᠷᠤᠮ᠂ ᠬᠤᠳᠳᠤᠭ ᠤᠰᠤᠨ ᠳᠤ ᠥᠭᠡᠭᠦ ᠲᠤᠰᠤ᠂ ᠮᠢᠬ᠎ᠠ ᠴᠢᠰᠤ ᠤᠷᠤᠬᠤ ᠶᠢ ᠴᠡᠭᠡᠷᠯᠡᠳᠡᠭ᠃ ᠭᠤᠤᠯ ᠮᠥᠷᠠᠨ᠂ ᠪᠤᠯᠠᠭ ᠱᠠᠩᠳᠠ᠂ ᠨᠠᠭᠤᠷ ᠴᠥᠭᠦᠷᠤᠮ᠂ ᠬᠤᠳᠳᠤᠭ ᠤᠰᠤᠨ ᠤ ᠲᠡᠷᠭᠡᠳᠠ ᠭᠡᠷᠡᠭᠦᠯ ᠮᠠᠷᠭᠤᠭᠠᠨ ᠡᠭᠦᠰᠭᠡᠭᠦ ᠂ ᠵᠤᠳᠤᠭᠠᠨ ᠨᠤᠴᠤᠭᠠᠨ ᠭᠢᠭᠦ ᠶᠢ ᠴᠡᠭᠡᠷᠯᠡᠳᠡᠭ᠃ ᠲᠠᠷᠠᠴᠢᠯᠡᠨ ᠭᠤᠤᠯ ᠮᠥᠷᠠᠨ᠂ ᠨᠠᠭᠤᠷ ᠴᠥᠭᠦᠷᠤᠮ ᠤᠨ ᠠᠮᠢᠳᠠᠨ ᠢ ᠴᠤ ᠠᠯᠠᠵᠤ ᠬᠤᠷᠤᠭᠠᠬᠤ ᠶᠢ ᠴᠡᠭᠡᠷᠯᠡᠳᠡᠭ ᠪᠠᠶᠢᠪᠠ᠃ ᠡᠳᠡᠭᠡᠷ ᠴᠡᠭᠡᠷ ᠶᠤᠰᠤ ᠨᠢ ᠮᠤᠩᠭᠤᠯᠴᠤᠳ ᠤᠨ ᠤᠰᠤ ᠶᠢ ᠡᠷᠭᠢᠮᠯᠡᠨ ᠲᠡᠭᠡᠳᠥᠯᠡᠭᠦ᠂ ᠰᠢᠳᠥᠵᠥ ᠲᠠᠭᠢᠬᠤ ᠥᠵᠠᠯ ᠰᠠᠳᠭᠢᠯᠭᠡ᠂ ᠵᠠᠩ ᠥᠢᠯᠨ ᠶᠢᠨ ᠲᠠᠭᠠᠤ ᠥᠶ᠎ᠠ ᠲᠠᠮᠵᠢᠨ ᠤᠯᠠᠮᠵᠢᠯᠠᠭᠳᠠᠬᠤ ᠳᠤ ᠪᠠᠨ ᠤᠰᠤᠨ ᠤ ᠴᠠᠪᠠᠷ ᠪᠤᠯᠤᠨ ᠤᠨᠳᠤᠷᠤᠯ ᠡᠭᠢ ᠶᠢ ᠨᠢ ᠬᠠᠮᠠᠭᠠᠯᠠᠬᠤ᠂ ᠠᠮᠢ ᠠᠬᠤᠢ ᠶᠢᠨ ᠲᠠᠩᠴᠡᠭᠦᠷᠢ ᠶᠢ ᠪᠠᠳᠤᠯᠠᠬᠤ ᠳᠤ ᠢᠳᠡᠪᠭᠢᠳᠡᠢ ᠥᠢᠯᠠᠳᠤᠯ ᠢᠶᠠᠨ ᠪᠠᠳᠠᠷᠠᠭᠤᠯᠤᠭᠰᠠᠭᠠᠷ ᠢᠷᠡᠭᠰᠡᠨ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号