ᠪᠥᠬᠡ ᠶᠢᠨ ᠴᠡᠭᠡᠷ
ᠨᠡᠶᠢᠲᠡᠯᠡᠭᠰᠡᠨ ᠴᠠᠭ᠄
2020/7/27
       ᠪᠥᠬᠡ ᠨᠢ ᠡᠮᠥᠰᠬᠡᠯ ᠵᠠᠰᠠᠯ᠂ ᠰᠤᠷᠢᠶ᠎ᠡ ᠪᠤᠯᠪᠠᠰᠣᠷᠠᠯ᠂ ᠪᠠᠷᠢᠯᠳᠤᠬᠤ ᠵᠢᠷᠣᠮ᠂ ᠱᠠᠩ ᠬᠡᠰᠢᠭ ᠵᠠᠷᠭᠡ ᠲᠠᠯ᠎ᠠ ᠪᠠᠷ ᠴᠢᠩᠭ᠎ᠠ ᠲᠦᠷᠢᠮᠵᠢᠭᠰᠡᠨ ᠴᠡᠭᠡᠷ ᠶᠤᠰᠤ ᠲᠠᠢ ᠪᠤᠯᠤᠭᠰᠠᠨ ᠶᠤᠮ᠃      ︽ᠬᠦᠮᠥᠨ ᠳᠤ ᠠᠬ᠎ᠠ ᠲᠠᠢ᠂ ᠲᠡᠪᠡᠯ ᠳᠤ ᠵᠠᠭᠠᠮ᠎ᠠ ᠲᠠᠢ︾ ᠭᠡᠳᠡᠭᠴᠢᠯᠠᠨ ᠮᠤᠩᠭᠤᠯᠴᠤᠳ ᠪᠤᠯ ᠠᠬᠠᠰ ᠵᠠᠬᠠᠰ ᠢᠶᠠᠨ ᠬᠦᠨᠳᠦᠯᠡᠨ᠂ ᠲᠡᠪᠡᠯ ᠮᠠᠯᠠᠭᠠᠢ ᠪᠠᠨ ᠡᠷᠬᠢᠮᠨᠡᠨ ᠲᠡᠭᠡᠳᠦᠯᠡᠳᠡᠭ ᠪᠤᠯᠪᠠᠰᠤᠨ ᠰᠤᠷᠲᠠᠯ ᠲᠠᠢ ᠲᠤᠯᠠ ᠦᠶ᠎ᠡ ᠦᠶ᠎ᠡ ᠶᠢᠨ ᠬᠦᠴᠦᠲᠦ ᠪᠥᠬᠡᠴᠤᠳ ᠴᠤ ᠡᠮᠥᠰᠬᠡᠯ ᠵᠠᠰᠠᠯ ᠢᠶᠠᠨ ᠨᠠᠨᠳᠢᠩᠨᠠᠨ ᠬᠠᠶᠢᠷᠠᠯᠠᠵᠦ᠂ ᠶᠤᠰᠤ ᠲᠦᠷᠢᠮ ᠲᠠᠢ ᠡᠳ᠋ᠯᠡᠭᠰᠡᠭᠡᠷ ᠢᠷᠡᠭᠰᠡᠨ ᠲᠡᠤᠬᠡ ᠲᠠᠢ᠃ ᠪᠥᠬᠡᠴᠤᠳ ᠮᠠᠯᠠᠭᠠᠢ ᠪᠠᠨ ᠭᠠᠵᠠᠷ ᠤᠨᠠᠭᠠᠬᠤ᠂ ᠬᠢᠰᠬᠢᠬᠦ᠂ ᠲᠡᠭᠡᠭᠦᠷ ᠨᠢ ᠠᠯᠬᠤᠬᠤ ᠶᠢ ᠲᠤᠩ ᠴᠡᠭᠡᠷᠯᠡᠳᠡᠭ᠃ ᠵᠠᠩᠭ᠎ᠠ ᠳᠤ ᠬᠠᠷ᠎ᠠ ᠥᠩᠭᠡ ᠶᠢᠨ ᠲᠤᠷᠭᠠᠨ ᠥᠭᠡᠳᠡᠰᠤ ︵ᠴᠠᠴᠤᠭ︶ ᠤᠷᠤᠬᠤ ᠶᠢ ᠴᠡᠭᠡᠷᠯᠡᠳᠡᠭ ᠪᠠ ᠪᠤᠰᠤᠳ ᠬᠥᠮᠥᠨ ᠢ ᠲᠤᠷ᠎ᠠ ᠪᠠᠷ ᠭᠠᠷ ᠬᠥᠷᠥᠬᠦᠯᠳᠡᠭ ᠥᠬᠡᠢ᠂ ᠪᠣᠵᠠᠷ ᠪᠤᠷᠳᠠᠭ ᠲᠠᠢ ᠶᠠᠭᠤᠮᠠᠨ ᠳᠤ ᠤᠢᠢᠷᠠᠳᠤᠭᠤᠯᠬᠤ ᠥᠭᠡᠢ ᠪᠥᠭᠡᠳ ᠲᠡᠭᠡᠬᠦᠷ ᠨᠢ ᠠᠯᠬᠤᠬᠤ᠂ ᠪᠤᠰᠤᠳ ᠲᠤ ᠵᠢᠭᠡᠯᠡᠬᠦᠯᠬᠦ ᠶᠢ ᠴᠡᠭᠡᠷᠯᠡᠳᠡᠭ᠃ ᠪᠠᠰᠠ ᠬᠦᠯᠦᠰᠦ ᠪᠤᠯᠤᠭᠰᠠᠨ ᠵᠠᠩᠭ᠎ᠠ ᠪᠠᠨ ᠤᠬᠢᠶᠠᠬᠤ ᠶᠢ ᠴᠡᠭᠡᠷᠯᠡᠵᠤ᠂ ᠵᠠᠩᠭ᠎ᠠ ᠶᠢ ᠪᠠᠷᠢᠯᠳᠤᠬᠤ ᠥᠬᠡᠢ ᠥᠶ᠎ᠡ ᠳᠤ ᠪᠠᠨ ᠪᠥᠰ ᠢᠶᠠᠷ ᠪᠠᠭᠯᠠᠵᠥ᠂ ᠬᠠᠨ᠎ᠠ ᠶᠢᠨ ᠲᠤᠯᠤᠭᠠᠢ ᠳᠤ ᠡᠯᠬᠦᠬᠦ ᠪᠣᠶᠣ ᠵᠣᠳᠤᠭ ᠤᠨ ᠲᠡᠭᠡᠷ᠎ᠡ ᠲᠡᠯᠪᠢᠵᠥ᠂ ᠠᠪᠳᠠᠷ᠎ᠠ ᠬᠤᠷᠭᠤᠨ ᠳᠤ ᠬᠢᠭᠰᠡᠨ ᠴᠤ ᠬᠠᠮᠤᠭ ᠤᠨ ᠲᠡᠭᠡᠷ᠎ᠡ ᠨᠢ ᠲᠠᠯᠪᠢᠵᠥ ᠬᠠᠳᠠᠭᠠᠯᠠᠳᠠᠭ᠃ ᠲᠤᠪᠤᠷᠤᠤ ᠲᠠᠢ ᠵᠤᠳᠤᠭ ᠢ ᠵᠣᠵᠠᠭᠠᠨ ᠪᠥᠰ ᠢᠶᠠᠷ ᠲᠤᠳᠤᠷ ᠬᠢᠵᠥ᠂ ᠲᠤᠪᠣᠷᠣᠣ ᠶᠢᠨ ᠬᠠᠳᠠᠭᠠᠰᠤ ᠪᠥᠭᠡᠴᠢᠨ ᠤ ᠪᠡᠶ᠎ᠡ ᠶᠢ ᠰᠢᠷᠠᠬᠳᠣᠭᠤᠯᠬᠤ ᠪᠤᠶᠤ ᠪᠤᠰᠤᠳ ᠢ ᠭᠡᠮᠳᠦᠭᠡᠬᠦ ᠶᠢ ᠴᠡᠭᠡᠷᠯᠡᠳᠡᠭ ᠶᠤᠰᠤ ᠲᠠᠢ᠃ ᠭᠡᠲᠦ ᠨᠠᠷᠢᠬᠠᠨ ᠪᠤᠶᠤ ᠬᠠᠲᠠᠭᠤ ᠡᠳ᠋ ᠢᠶᠠᠷ ᠡᠯᠢᠬᠡ ᠪᠥᠰᠡ ᠬᠢᠬᠦ ᠥᠭᠡᠢ ᠪᠥᠭᠡᠳ ᠡᠯᠢᠭᠡ ᠪᠥᠰᠡ ᠶᠢ ᠰᠤᠯᠠ ᠪᠦᠰᠡᠯᠡᠬᠦ ᠶᠢ ᠴᠡᠭᠡᠷᠯᠡᠳᠡᠭ ᠶᠤᠰᠤᠨ ᠪᠤᠢ᠃     ᠰᠤᠷᠢᠶ᠎ᠠ ᠪᠤᠯᠪᠠᠰᠤᠷᠠᠯ ᠤᠨ ᠬᠤᠭᠤᠴᠠᠭᠠᠨ ᠳᠤ᠂ ᠬᠤᠷᠴᠠ ᠲᠤᠰᠤᠯᠢᠬ ᠢᠳᠡᠭᠡᠨ ᠢᠳᠡᠭᠦ᠂ ᠠᠷᠢᠬᠢ ᠲᠠᠮᠠᠬᠢ ᠡᠳ᠋ᠯᠡᠬᠦ᠂ ᠬᠦᠢᠳᠡᠨ ᠤᠰᠤ ᠤᠤᠭᠤᠬᠤ ᠶᠢ ᠴᠡᠭᠡᠷᠯᠡᠳᠡᠭ᠃ ᠪᠥᠬᠡ ᠶᠢᠨ ᠤᠨᠤᠭᠠᠯᠳᠠ ᠳᠤ᠂ ᠭᠠᠳᠠᠨ᠎ᠠ ‍ᠠᠴᠠ ᠢᠷᠡᠭᠰᠡᠨ ᠪᠦᠬᠡ ᠶᠢ ᠠᠯᠢ ᠴᠢᠳᠠᠬᠤ ᠪᠠᠷ ᠦᠪᠡᠷ ᠤᠨ ᠬᠠᠷᠢᠶᠠᠨ ᠤ ᠵᠠᠯᠠᠭᠤ ᠪᠦᠬᠡᠴᠤᠳ ᠢᠶᠠᠷ ᠡᠷᠳᠡᠬᠡᠨ ᠬᠠᠶᠠᠭᠤᠯᠬᠤ ᠶᠢ ᠵᠤᠷᠢᠵᠤ᠂ ᠠᠩᠬᠠᠨ ᠤ ᠳᠠᠪᠠᠭᠠᠨ ‍ᠠᠴᠠ ᠭᠠᠳᠠᠨ᠎ᠠ ᠶᠢᠨ ᠪᠦᠬᠡ ᠶᠢᠨ ᠤᠷ᠎ᠠ ᠡᠷᠳᠡᠮ᠂ ᠴᠢᠳᠠᠯ ᠬᠦᠴᠦᠨ ᠤ ᠪᠠᠶᠢᠳᠠᠯ ᠢ ᠠᠩᠬᠠᠷᠤᠨ ᠰᠤᠳᠤᠯᠵᠤ᠂ ᠬᠡᠨ ᠢ ᠬᠡᠨ ᠢᠶᠠᠷ ᠤᠨᠠᠭᠠᠬᠤ ᠶᠢ ᠨᠠᠷᠢᠨ ᠪᠤᠳᠤᠯᠬᠢᠯᠠᠳᠠᠭ ᠪᠤᠯᠪᠠᠴᠦ᠂ ᠠᠯᠳᠠᠷ ᠴᠤᠤᠲᠤ ᠪᠥᠬᠡ ᠶᠢ ᠬᠠᠷᠢᠯᠴᠠᠨ ᠤᠨᠤᠭ᠎ᠠ ᠲᠠᠭᠠᠷᠠᠭᠤᠯᠬᠤ᠂ ᠭᠠᠳᠠᠨ᠎ᠠ ᠶᠢᠨ ᠪᠥᠬᠡ ᠶᠢ ᠭᠠᠳᠠᠭᠤᠷᠴᠢᠯᠠᠬᠤ᠂ ᠠᠬᠠᠮᠠᠳ ᠪᠥᠬᠡ ᠶᠢ ᠠᠩᠬᠠᠨ ᠤ ᠤᠨᠤᠭᠠᠨ ᠳᠤ ᠰᠢᠷᠦ᠋ᠢᠳᠤᠭᠤᠯᠬᠤ ᠵᠡᠷᠭᠡ ᠶᠢ ᠴᠡᠭᠡᠷᠯᠡᠳᠡᠭ ᠶᠤᠰᠤᠨ ᠪᠠᠶᠢᠳᠠᠭ᠃ ᠪᠤᠯᠪᠠᠰᠤᠷᠠᠯ ᠰᠢᠯᠭᠠᠯᠲᠠ ᠶᠢᠨ ᠪᠠᠷᠳᠠᠭ᠎ᠠ ᠲᠤᠭᠤᠯᠵᠦ ᠴᠢᠳᠠᠭᠠᠳᠤᠢ ᠰᠤᠷᠢᠶᠡᠨ ᠤ ᠵᠠᠯᠠᠭᠤ ᠪᠥᠬᠡᠴᠤᠤᠯ ᠢ ᠬᠢᠯᠪᠠᠷᠬᠠᠨ ᠭᠠᠳᠠᠭᠰᠢ ᠨᠠᠶᠢᠷ ᠲᠤ ᠶᠠᠪᠤᠭᠤᠯᠳᠠᠭ ᠦᠬᠡᠢ ᠪᠥᠬᠡᠳ ᠨᠡᠯᠢᠶᠡᠳ ᠢᠳᠡᠭᠡᠯ ᠨᠠᠶᠢᠳᠠᠯᠭ᠎ᠠ ᠲᠠᠢ ᠪᠤᠯᠤᠭᠰᠠᠨ ᠦᠶ᠎ᠡ ᠳᠤ ᠰᠠᠶ᠋ᠢ ᠲᠤᠮᠤᠬᠠᠨ ᠨᠠᠶᠢᠷ ᠲᠤ ᠪᠠᠷᠢᠯᠳᠤᠬᠤ ᠪᠠᠷ ᠶᠠᠪᠤᠬᠤ ᠶᠢ ᠵᠦᠪᠰᠢᠶᠡᠷᠡᠳᠡᠭ᠃     ᠪᠠᠷᠢᠯᠳᠤᠭᠠᠨ ᠤ ᠶᠠᠪᠤᠴᠠ ᠳᠤ᠂ ᠪᠥᠬᠡ ᠬᠦᠮᠦᠨ ᠤ ᠪᠠᠭᠤᠵᠦ ᠦᠭᠬᠦ ᠶᠢ ᠶᠡᠬᠡᠲᠡ ᠴᠡᠭᠡᠷᠯᠡᠳᠡᠭ ᠨᠢ ᠨᠠᠶᠢᠷ ᠨᠠᠭᠠᠳᠤᠮ ᠰᠤᠨᠢᠷᠬᠠᠵᠦ ᠪᠠᠶᠢᠭ᠎ᠠ ᠦᠵᠡᠭᠴᠢ ᠤᠯᠠᠨ ᠤ ᠤᠷᠬᠢᠯᠤᠮ᠎ᠠ ᠬᠠᠯᠠᠭᠤᠨ ᠰᠡᠳᠬᠢᠯ ᠢ ᠨᠢ ᠰᠡᠪᠳᠤᠭᠡᠬᠦ ᠶᠢ ᠭᠢᠴᠢᠶᠡᠭᠰᠡᠨ ᠶᠠᠪᠤᠳᠠᠯ ᠪᠥᠭᠡᠳ ᠢᠯᠠᠩᠭᠤᠶ᠎ᠠ ᠪᠠᠭᠤᠵᠦ ᠦᠭᠬᠦ ᠶᠢ ᠪᠥᠬᠡ ᠬᠦᠮᠦᠨ ᠤ ᠦᠶ᠎ᠡ ᠰᠤᠯᠠᠷᠠᠵᠦ ᠬᠡᠶᠢᠮᠤᠷᠢ ᠬᠡᠪᠲᠡᠨ᠎ᠡ ᠬᠡᠵᠦ ᠦᠵᠡᠳᠡᠭ ᠤᠯᠠᠮᠵᠢᠯᠠᠯᠲᠦ ᠦᠵᠡᠯᠲᠡ ᠲᠠᠢ ᠬᠤᠯᠪᠤᠭ᠎ᠠ ᠲᠠᠢ ᠶᠤᠮ᠃ ᠪᠦᠬᠡ ᠶᠢᠨ ᠤᠷᠢᠶ᠎ᠠ ᠦᠭᠡᠢ ᠪᠠᠷ ᠪᠦᠬᠡ ᠲᠠᠯᠪᠢᠬᠤ ᠶᠢ ᠴᠡᠬᠡᠷᠯᠡᠵᠤ᠂ ᠠᠯᠳᠠᠷᠳᠤ ᠪᠦᠬᠡ᠂ ᠠᠬᠠᠮᠠᠳ ᠪᠦᠬᠡ ᠶᠢ ᠬᠤᠶᠢᠨ᠎ᠠ ᠭᠠᠷᠤᠭᠠᠨ ᠳᠤ ᠭᠠᠷᠭᠠᠬᠤ ᠶᠢ ᠤᠨᠴᠠᠭᠠᠢ ᠴᠡᠭᠡᠷᠯᠡᠳᠡᠭ᠃ ᠮᠠᠭᠰᠢᠯᠳᠠ ᠳᠡᠪᠢᠯᠳᠡ ᠦᠭᠡᠢ ᠪᠦᠬᠡ ᠶᠢᠨ ᠲᠠᠯᠠᠪᠠᠢ ᠳᠤ ᠭᠠᠷᠬᠤ ᠶᠢ ᠪᠥᠬᠡ ᠶᠢᠨ ᠵᠢᠷᠤᠮ ᠶᠤᠰᠤᠨ ᠤ ᠬᠤᠪᠢ ᠳᠤ ᠴᠡᠬᠡᠷᠯᠡᠳᠡᠭ᠃ ᠪᠠᠷᠢᠴᠠ ᠠᠪᠬᠤ ᠳᠤ ᠪᠠᠨ ᠭᠡᠨᠡᠳᠡᠭᠦᠯᠥᠨ ᠠᠷᠤᠳᠠᠵᠦ ᠪᠠᠷᠢᠬᠤ ᠶᠢ ᠴᠡᠭᠡᠷᠯᠡᠵᠤ᠂ ᠦᠰᠦ ᠲᠤᠯᠤᠭᠠᠢ ᠪᠤᠶᠤ ᠵᠠᠩᠬᠢᠶ᠎ᠠ ᠳᠤ ᠭᠠᠷ ᠬᠦᠷᠬᠦ ᠶᠢ ᠴᠡᠭᠡᠷᠯᠡᠵᠤ᠂ ᠪᠠᠷᠢᠯᠳᠤᠬᠤ ᠶᠠᠪᠤᠴᠠ ᠳᠤ ᠦᠭᠡ ᠶᠠᠷᠢᠵᠦ ᠢᠨᠢᠶᠡᠯᠴᠡᠬᠦ᠂ ᠬᠦᠯ ᠠᠴᠠ ᠪᠠᠷᠢᠬᠤ᠂ ᠦᠮᠦᠲᠦ ᠪᠤᠶᠤ ᠬᠤᠷᠮᠦ᠋ᠢᠪᠴᠢ ᠠᠴᠠ ᠪᠠᠷᠢᠬᠤ᠂ ᠤᠨᠠᠭᠰᠠᠨ ᠪᠥᠭᠡ ᠶᠢᠨ ᠲᠡᠭᠡᠭᠦᠷ ᠨᠢ ᠭᠠᠷᠬᠤ ᠪᠤᠶᠤ ᠵᠤᠷᠢᠭᠤᠳᠠ ᠬᠦᠴᠦᠲᠠᠢ ᠲᠠᠷᠦᠵᠦ ᠤᠢᠢᠴᠢᠬᠤ ᠮᠡᠲᠦ ᠶᠢᠨ ᠲᠤᠷᠤᠮᠵᠢᠯᠠᠯ ᠪᠠ ᠬᠤᠤᠷᠯᠠᠯ ᠤᠨ ᠴᠢᠨᠠᠷᠲᠠᠢ ᠤᠪᠤᠷ ᠵᠠᠩ ᠭᠠᠷᠭᠠᠬᠤ ᠶᠢ ᠴᠡᠭᠡᠷᠯᠡᠨ ᠬᠤᠷᠢᠭᠯᠠᠳᠠᠭ ᠪᠠ ᠵᠠᠰᠠᠭᠤᠯᠴᠢ ᠬᠢᠨᠠᠭᠴᠢ ᠲᠠᠢ ᠮᠠᠷᠭᠤᠵᠦ ᠬᠡᠷᠡᠯᠳᠦᠬᠦ ᠶᠢ ᠴᠡᠭᠡᠷᠯᠡᠳᠡᠭ ᠨᠢ ᠪᠥᠬᠡ ᠪᠤᠯᠤᠭᠰᠠᠳ ᠤᠨ ᠨᠠᠭᠠᠲᠦ ᠵᠠᠬ᠎ᠠ ᠶᠢᠨ ᠱᠠᠭᠠᠷᠳᠠᠯᠭ᠎ᠠ ᠪᠠᠶᠢᠵᠦ᠂ ᠪᠤᠰᠤᠳ ᠲᠤ ᠶᠤᠰᠤᠷᠬᠠᠭ ᠨᠠᠶᠢᠷᠰᠠᠭ ᠬᠠᠨᠳᠤᠬᠤ ᠶᠢᠨ ᠴᠢᠬᠤᠯᠠ ᠵᠠᠷᠴᠢᠮ ᠪᠤᠯᠤᠭᠰᠠᠭᠠᠷ ᠢᠷᠡᠪᠡ᠃ ᠲᠠᠪᠤᠰᠠᠩ ᠲᠡᠭᠡᠷ᠎ᠡ ᠨᠢ ᠡᠪᠤᠳᠥᠭᠯᠡᠬᠦ᠂ ᠬᠢᠩᠭᠠᠷ᠎ᠠ ᠰᠢᠯᠪᠢ ᠶᠢ ᠨᠢ ᠢᠰᠬᠦᠯᠬᠦ᠂ ᠲᠥᠪᠥᠩᠬᠡᠢ ᠪᠤᠶᠤ ᠴᠡᠭᠡᠵᠢᠨ ᠲᠡᠭᠡᠷ᠎ᠡ ᠨᠢ ᠲᠤᠬᠤᠢᠢᠯᠳᠠᠨ ᠲᠠᠷᠤᠵᠦ ᠤᠢᠢᠴᠢᠬᠤ ᠵᠡᠷᠭᠡ ᠬᠤᠤᠷᠯᠠᠯ ᠤᠨ ᠴᠢᠨᠠᠷᠲᠠᠢ ᠮᠡᠭᠡ ᠬᠢᠬᠦ ᠶᠢ ᠴᠡᠭᠡᠷᠯᠡᠬᠦ ᠵᠡᠷᠭᠡ ᠨᠢ ᠪᠥᠬᠡ ᠬᠦᠮᠦᠨ ᠤ ᠡᠷᠡᠭᠦᠯ ᠮᠡᠨᠲᠦ᠂ ᠠᠮᠢ ᠨᠠᠰᠤᠨ ᠳᠤ ᠠᠶᠤᠯ ᠤᠰᠤᠯ ᠲᠠᠢ ᠪᠤᠯᠬᠤ ᠠᠴᠠ ᠰᠡᠷᠭᠡᠶᠢᠯᠡᠭᠰᠡᠨ ᠰᠢᠭᠤᠳ ᠬᠠᠨᠳᠤᠯᠭ᠎ᠠ ᠲᠠᠢ ᠶᠤᠮ᠃     ᠵᠠᠰᠠᠭᠤᠯᠴᠢ ᠪᠠ ᠬᠢᠨᠠᠭᠴᠢ ᠠᠴᠠ ᠪᠠᠷᠢᠯᠳᠤᠵᠤ ᠪᠠᠶᠢᠭ᠎ᠠ ᠪᠦᠬᠡ ᠶᠢᠨ ᠪᠡᠶ᠎ᠠ ᠳᠤ ᠬᠦᠴᠦ ᠨᠡᠮᠡᠨ ᠠᠯᠠᠭᠠᠳᠠᠵᠤ ᠲᠦᠯᠬᠢᠬᠦ ᠪᠤᠶᠤ ᠲᠦᠰᠢᠵᠤ ᠲᠤᠯᠬᠤ ᠶᠢ ᠴᠡᠬᠡᠷᠯᠡᠭᠦ᠂ ᠲᠠᠨᠢᠯ ᠲᠠᠯ᠎ᠠ ᠬᠠᠷᠠᠬᠤ᠂ ᠦᠪᠡᠷ ᠤᠨ ᠪᠦᠬᠡ ᠶᠢᠨ ᠤᠨᠠᠭᠰᠠᠨ ᠲᠠᠪᠠᠭᠰᠠᠨ ᠢ ᠨᠠᠷᠢᠨ ᠬᠠᠷᠠᠭᠰᠠᠨ ᠴᠤ ᠰᠢᠳᠤᠷᠭᠤ ᠪᠤᠰᠤ ᠬᠠᠨᠳᠤᠬᠤ ᠶᠢ ᠴᠡᠬᠡᠷᠯᠡᠭᠦ᠂ ᠪᠠᠷᠢᠯᠳᠤᠭᠠᠨ ᠤ ᠲᠦᠷᠢᠮ ᠵᠦᠷᠢᠴᠡᠭᠰᠠᠨ ᠪᠦᠬᠡ ᠳᠤ ᠡᠪᠯᠡᠷᠡᠩᠭᠦᠢ ᠬᠠᠨᠳᠤᠬᠤ ᠶᠢ ᠴᠡᠬᠡᠷᠯᠡᠬᠦ ᠵᠡᠷᠬᠡ ᠨᠢ ᠵᠠᠰᠠᠭᠤᠯᠴᠢ᠂ ᠬᠢᠨᠠᠭᠴᠢ ᠶᠢᠨ ᠲᠦᠪ ᠴᠢᠭᠴᠢ᠂ ᠦᠨᠡᠨᠴᠢ ᠰᠢᠳᠤᠷᠭᠤ᠂ ᠢᠯᠳᠠᠷ ᠬᠠᠷᠠᠬᠤ ᠦᠬᠡᠢ᠂ ᠠᠰᠢᠭ ᠰᠠᠨᠠᠬᠤ ᠦᠬᠡᠢ ᠬᠡᠪ ᠴᠢᠨᠠᠷ ᠤᠨ ᠬᠢᠨᠢ ᠪᠤᠳᠠᠲᠦ ᠬᠡᠮᠵᠢᠭᠦᠷ ᠪᠤᠯᠬᠤ ᠶᠤᠮ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号