ᠮᠤᠩᠭᠤᠯ ᠰᠢᠳᠡᠷ᠎ᠠ ᠶᠢᠨ ᠡᠭᠦᠰᠥᠯ
ᠨᠡᠶᠢᠲᠡᠯᠡᠭᠰᠡᠨ ᠴᠠᠭ᠄
2020/8/17
      ᠰᠢᠳᠡᠷ᠎ᠠ ᠶᠢᠨ ᠤᠭ ᠡᠭᠦᠰᠥᠯ ᠢ ᠮᠥᠷᠳᠡᠨ ᠭᠥᠭᠡᠭᠡᠪᠠᠯ᠂ ᠨᠢᠭᠡᠨᠳᠡ ᠬᠤᠶᠠᠷ ᠮᠢᠩᠭ᠎ᠠ ᠭᠠᠷᠤᠢ ᠵᠢᠯ ᠤᠨ ᠲᠡᠥᠭᠡ ᠲᠠᠢ ᠪᠤᠯᠵᠠᠢ᠃ ᠡᠨᠡ ᠭᠦ ᠤᠷᠳᠥ ᠤᠳᠠᠭᠠᠨ ᠭᠥᠭᠵᠢᠯ ᠤᠨ ᠶᠠᠪᠤᠴᠠ ᠳᠤ ᠰᠢᠳᠡᠷ᠎ᠠ ᠨᠢ ᠠᠳᠠᠯᠢ ᠪᠤᠰᠤ ᠥᠨᠳᠥᠰᠤᠳᠠᠨ ᠤ ᠠᠮᠢᠳᠤᠷᠠᠯ ᠲᠠᠮᠡᠴᠠᠯ ᠤᠨ ᠭᠡᠷᠡᠭᠴᠡᠭᠡ ᠱᠠᠭᠠᠷᠳᠠᠯᠭ᠎ᠠ ᠲᠠᠢ ᠵᠤᠭᠢᠴᠠᠵᠤ ᠲᠠᠰᠤᠷᠠᠯᠳᠠ ᠥᠭᠡᠢ ᠬᠤᠪᠢᠷᠠᠨ ᠭᠥᠭᠵᠢᠭᠰᠡᠭᠡᠷ ᠬᠤᠪᠢ ᠬᠤᠪᠢᠨ ᠤ ᠪᠠᠨ ᠤᠨᠴᠠᠯᠢᠭ ᠰᠢᠨᠵᠢ ᠲᠠᠢ ᠭᠥᠯᠭᠡᠨ ᠨᠠᠭᠠᠳᠤᠮ ᠪᠤᠯᠤᠭᠰᠡᠨ ᠶᠤᠮ᠃ ᠮᠤᠩᠭᠤᠯ ᠰᠢᠳᠡᠷ᠎ᠠ ᠨᠢ ᠤᠯᠠᠨ ᠵᠠᠭᠤᠨ ᠵᠢᠯ ᠤᠨ ᠲᠤᠷᠰᠢ ᠮᠤᠩᠭᠤᠯᠴᠣᠳ ᠤᠨ ᠤᠢ ᠪᠢᠯᠢᠭ ᠢᠶᠠᠨ ᠬᠤᠷᠴᠠᠯᠠᠵᠤ᠂ ᠤᠬᠠᠭᠠᠨ ᠰᠠᠨᠠᠭ᠎ᠠ ᠪᠠᠨ ᠨᠡᠭᠡᠭᠡᠭᠳᠡᠭᠦᠯᠭᠦ ᠤᠶᠤᠨ ᠤ ᠮᠥᠷᠦ᠋ᠢᠴᠡᠭᠡᠨ ᠤ ᠬᠤᠪᠢ ᠪᠠᠷ ᠤᠯᠠᠮᠵᠢᠯᠠᠭᠳᠠᠨ ᠬᠠᠳᠠᠭᠠᠯᠠᠭᠳᠠᠵᠤ ᠢᠷᠡᠭᠰᠡᠨ ᠪᠠᠶᠢᠨ᠎ᠠ᠃ ᠮᠤᠩᠭᠤᠯ ᠰᠢᠳᠡᠷ᠎ᠠ ᠶᠢᠨ ᠡᠭᠦᠰᠥᠯ ᠭᠠᠷᠤᠯ ᠤᠨ ᠲᠤᠬᠠᠢ ᠤᠯᠤᠰ ᠤᠨ ᠲᠤᠳᠤᠭᠠᠳᠤ ᠭᠠᠳᠠᠭᠠᠳᠤ ᠶᠢᠨ ᠰᠤᠳᠤᠯᠤᠭᠴᠢᠳ ᠠᠳᠠᠯᠢ ᠪᠤᠰᠤ ᠥᠵᠠᠯᠳᠠ ᠲᠠᠢ᠃ ᠡᠭᠦᠨ ᠳᠤ ᠨᠠᠯᠢᠶᠠᠳ ᠨᠠᠶᠢᠳᠡᠯᠢᠭ ᠥᠵᠡᠯᠳᠠ ᠳᠤ᠂ ᠮᠤᠩᠭᠤᠯ ᠰᠢᠳᠡᠷ᠎ᠠ ᠪᠤᠯ ᠡᠷᠳᠡᠨ ᠤ ᠡᠨᠡᠳᠭᠡᠭ ‍ᠠᠴᠠ ᠡᠭᠦᠰᠥᠭᠰᠡᠨ ᠭᠡᠭᠦ︔ ᠡᠷᠳᠠᠨ ᠤ ᠲᠤᠮᠳᠠᠳᠤ ᠤᠯᠤᠰ ‍ᠠᠴᠠ ᠡᠭᠦᠰᠥᠭᠰᠡᠨ ᠭᠡᠭᠦ︔ ᠡᠷᠳᠠᠨ ᠤ ᠰᠢᠶᠠᠨᠪᠢ ᠶᠢᠨ ᠥᠶ᠎ᠠ ᠳᠤ ᠤᠮᠠᠷᠠᠳᠤ ᠶᠢᠨ ᠥᠨᠳᠤᠰᠤᠳᠠᠨ ᠤ ᠱᠠᠭ᠎ᠠ ᠲᠤᠭᠯᠠᠭᠠᠮ ᠠᠴᠠ ᠡᠭᠦᠰᠥᠭᠰᠡᠨ ᠭᠡᠭᠦ︔ ᠶᠠᠷᠤ ‍ᠠᠴᠠ ᠮᠤᠩᠭᠤᠯᠴᠤᠳ ᠤᠨ ᠲᠤᠮᠳᠠ ᠡᠭᠦᠰᠥᠨ ᠪᠥᠷᠢᠯᠳᠥᠵᠥ᠂ ᠭᠢᠳᠡᠳ ᠂ ᠡᠨᠡᠳᠭᠡᠭ᠂ ᠢᠷᠠᠨ᠂ ᠠᠷᠠᠪ ᠵᠥᠭ ᠲᠠᠯᠭᠡᠷᠡᠨ ᠭᠥᠭᠵᠢᠭᠰᠡᠨ ᠭᠡᠭᠦ ᠵᠡᠷᠭᠡ ᠪᠤᠯᠤᠨ᠎ᠠ᠃     ᠮᠤᠩᠭᠤᠯ ᠰᠢᠳᠡᠷ᠎ᠠ ᠶᠢᠨ ᠡᠭᠦᠰᠤᠯ ᠪᠥᠷᠢᠯᠳᠥᠯ ᠤᠨ ᠴᠠᠭ ᠥᠶ᠎ᠠ ᠶᠢᠨ ᠲᠤᠬᠠᠢ ᠲᠤᠯᠭᠤᠷ ᠪᠢᠴᠢᠭ ᠲᠤ ᠲᠤᠳᠤᠷᠬᠠᠢ ᠲᠠᠮᠳᠡᠭᠯᠡᠯ ᠥᠭᠡᠢ᠃ ᠮᠤᠩᠭᠤᠯ ᠠᠷᠠᠳ ᠤᠨ ᠤᠯᠠᠮᠵᠢᠯᠠᠯ ᠶᠠᠷᠢᠶ᠎ᠠ ᠪᠠ ᠲᠡᠥᠭᠡᠨ ᠲᠤᠮᠤᠭ ‍ᠠᠴᠠ ᠥᠵᠡᠭᠦ ᠳᠤ᠂ 9~13 ᠳ᠋ᠤᠭᠠᠷ ᠵᠠᠭᠤᠨ ᠤ ᠬᠤᠭᠤᠷᠤᠨᠳᠤ᠂ ᠲᠤᠬᠠᠢᠢᠯᠠᠪᠠᠯ᠂ ᠴᠢᠩᠭᠢᠰ ᠬᠠᠭᠠᠨ ᠤ ᠥᠶ᠎ᠠ ᠳᠤ ᠡᠭᠦᠰᠥᠨ ᠪᠥᠷᠢᠯᠳᠥᠭᠰᠡᠨ ᠭᠡᠭᠦ ᠤᠯᠠᠮᠵᠢᠯᠠᠯ ᠶᠠᠷᠢᠶ᠎ᠠ ᠭᠥᠯᠥᠨ ᠪᠥᠢᠷ ᠤᠨ ᠲᠠᠯ᠎ᠠ ᠨᠤᠳᠤᠭ ‍ᠠᠴᠠ ᠭᠥᠭᠡᠨᠡᠭᠤᠷ ᠤᠨ ᠥᠨᠳᠦᠷᠯᠢᠭ ᠭᠥᠷᠳᠡᠯ᠎ᠠ᠂ ᠠᠯᠳᠠᠨ ᠭᠢᠩᠭᠠᠨ ᠤ ᠬᠤᠷᠮᠤᠢ ‍ᠠᠴᠠ ᠲᠡᠭᠷᠢ ᠠᠭᠤᠯᠨ ᠶᠢᠨ ᠠᠷᠤ ᠥᠪᠤᠷ ᠭᠥᠷᠳᠡᠯᠡᠭᠢ ᠥᠷᠭᠡᠨ ᠠᠭᠤᠳᠠᠮ ᠨᠤᠳᠤᠭ ᠲᠡᠪᠢᠰᠭᠡᠷ ᠲᠠᠭᠡᠷ᠎ᠠ ᠥᠨᠥᠳᠥᠷ ᠪᠤᠯᠳᠠᠯ᠎ᠠ ᠤᠯᠠᠮᠵᠢᠯᠠᠭᠳᠠᠵᠤ ᠢᠷᠡᠭᠰᠡᠨ ᠪᠠᠶᠢᠨ᠎ᠠ᠃ ᠭᠥᠯᠥᠨ ᠪᠥᠢᠷ ᠪᠠ ᠥᠵᠥᠮᠥᠴᠢᠨ ᠨᠤᠳᠤᠭ ᠲᠤ ᠮᠤᠩᠭᠤᠯ ᠰᠢᠳᠡᠷ᠎ᠠ ᠶᠢᠨ ᠡᠭᠦᠰᠥᠯ ᠳᠤ ᠬᠤᠯᠪᠤᠭᠳᠠᠭᠰᠠᠨ ᠢᠢᠮᠥ ᠨᠢᠭᠡᠨ ᠤᠯᠠᠮᠵᠢᠯᠠᠯ ᠶᠠᠷᠢᠶ᠎ᠠ ᠪᠠᠶᠢᠳᠠᠭ᠃ ᠡᠷᠳᠠ ᠤᠷᠢᠳᠥ ᠴᠠᠭ ᠲᠤ᠂ ᠡᠵᠠᠨ ᠴᠢᠩᠭᠢᠰ ᠬᠠᠭᠠᠨ ᠰᠢᠷᠡᠭᠡᠨ ᠳᠤ ᠰᠠᠭᠤᠭᠰᠠᠨ ᠤ ᠲᠠᠷᠠᠭ᠎ᠠ᠂ ᠡᠨᠡᠳᠭᠡᠭ ᠡᠸᠥ᠋ᠷᠥᠫᠠ ᠶᠢ ᠲᠤᠭᠳᠠᠭᠠᠬᠤ ᠪᠠᠷ ᠴᠡᠷᠢᠭ ᠲᠠᠶᠢᠴᠢᠯᠠᠨ ᠤᠷᠤᠬᠤ ᠳᠤ᠂ ᠡᠸᠥ᠋ᠷᠤᠫᠠ ᠲᠢᠪ ᠤᠨ ᠬᠢᠨ ᠡᠰᠡᠷᠭᠦᠴᠠᠨ ᠪᠠᠶᠢᠯᠳᠤᠵᠥ ᠬᠤᠷᠢᠭᠯᠠᠭᠰᠠᠨ ᠠᠴᠠ ᠬᠤᠳᠠ ᠶᠢ ᠡᠵᠠᠯᠠᠵᠤ ᠴᠢᠳᠠᠭᠰᠠᠨ ᠥᠭᠡᠢ᠂ ᠠᠷᠪᠠᠨ ᠭᠤᠷᠪᠠᠨ ᠰᠠᠷ᠎ᠠ ᠪᠥᠰᠡᠯᠠᠨ ᠰᠠᠭᠤᠭᠰᠠᠨ ᠭᠡᠨ᠎ᠠ᠃ ᠢᠡᠭᠭᠢᠭᠡᠳ ᠬᠤᠳᠠ ᠶᠢ ᠠᠪᠬᠤ ᠠᠷᠭ᠎ᠠ ᠰᠡᠳᠭᠢᠨ ᠡᠳᠥᠷ ᠪᠥᠷᠢ ᠴᠡᠷᠢᠭ ᠮᠤᠷᠢ᠂ ᠲᠡᠮᠡᠭᠡ ᠲᠠᠷᠭᠡ ᠪᠠᠨ ᠵᠢᠬᠰᠠᠭᠠᠨ ᠪᠤᠯᠪᠠᠰᠤᠷᠠᠭᠤᠯᠵᠤ ᠪᠠᠶᠢᠬᠰᠠᠨ ‍ᠠᠴᠠ ᠡᠳᠥᠷ ᠤᠳᠠᠭᠠᠨ ᠳᠤ ᠪᠠᠨ ᠲᠠᠷᠭᠡ ᠪᠠᠨ ᠭᠥᠯᠵᠥ᠂ ᠡᠮᠡᠭᠡᠯ ᠢᠶᠠᠨ ᠲᠤᠬᠤᠪᠠᠯ ᠲᠠᠮᠡᠭᠡ ᠮᠣᠷᠢ ᠨᠢ ᠠᠶᠠᠨᠳᠠᠭᠠᠨ ᠵᠢᠬᠰᠠᠴᠢᠬᠠᠳᠠᠭ ᠪᠤᠯᠤᠭᠰᠠᠨ ᠭᠡᠨ᠎ᠠ᠃ ᠡᠭᠦᠨ ᠳᠤ᠂ ᠨᠢᠭᠡᠨ ᠡᠳᠥᠷ ᠴᠢᠩᠭᠢᠰ ᠬᠠᠭᠠᠨ ᠲᠥᠷᠪᠡᠨ ᠭᠥᠯᠥᠭ ᠢᠶᠠᠨ ᠲᠠᠭᠤᠳᠠᠵᠤ ᠠᠳᠤᠭᠤᠰᠤ ᠠᠮᠢᠳᠠᠨ ᠭᠥᠷᠳᠡᠯ᠎ᠠ ᠡᠨᠡ ᠮᠠᠳᠥ ᠬᠤᠷᠴᠠ ᠰᠡᠷᠭᠦᠯᠡᠩ ᠠᠳᠠᠯ᠎ᠠ᠂ ᠪᠢᠳᠠ ᠶᠠᠭᠠᠭᠢᠨ ᠡᠭᠦᠨ ᠢ ᠥᠨᠳᠥᠰᠥᠯᠡᠨ ᠬᠤᠳᠠ ᠶᠢ ᠠᠪᠬᠤ ᠠᠷᠭ᠎ᠠ ᠰᠥᠪᠡᠭᠴᠢᠯᠡᠭᠦ ᠥᠭᠡᠢ ᠪᠤᠢ ᠭᠡᠵᠠᠢ᠃ ᠢᠡᠭᠭᠢᠭᠡᠳ ᠵᠢᠨᠥᠩ ᠮᠤᠬᠤᠯᠠᠢ᠂ ᠭᠥᠯᠥᠭ ᠪᠤᠭᠤᠷᠴᠢ ᠨᠠᠷ ᠪᠠᠶᠢᠯᠳᠥᠭᠠᠨ ᠭᠢᠭᠦ ᠵᠠᠮ ᠱᠤᠭᠤᠮ ᠢᠶᠠᠨ ᠲᠤᠭᠳᠠᠭᠠᠬᠤ ᠳᠤ ᠪᠠᠨ ᠪᠠᠭᠠᠳᠤᠷ ᠵᠠᠩᠵᠤᠨ ᠤᠷᠤᠬᠤ ᠪᠤᠶᠤ ᠤᠯᠠᠨ ᠴᠡᠷᠢᠭ ᠤᠷᠤᠬᠤ ᠶᠢ ᠨᠠᠢᠮᠨᠨ ᠭᠥᠯ ᠢᠶᠠᠷ ᠲᠥᠯᠥᠪᠯᠡᠵᠥ᠂ ᠡᠳᠥᠷ ᠲᠤᠳᠤᠮ ᠤᠨ ᠲᠠᠶᠢᠨ ᠪᠠᠶᠢᠯᠳᠥᠭᠠᠨ ᠳᠤ ᠭᠡᠷᠡᠭᠴᠡᠭᠡᠳᠠᠢ ᠮᠤᠷᠢ᠂ ᠲᠡᠮᠡᠭᠡ᠂ ᠲᠡᠷᠭᠡᠨ ᠤ ᠥᠢᠯᠠᠳᠥᠯ ᠢ ᠭᠥᠢᠴᠡᠳ ᠭᠠᠷᠭᠠᠬᠤ ᠪᠠᠷ ᠲᠤᠭᠢᠷᠠᠭᠤᠯᠤᠨ ᠮᠤᠳᠤ ᠪᠠᠷ ᠠᠯᠢᠪᠠ ᠪᠥᠭᠦᠨ ᠢ ᠤᠷᠤᠯᠠᠭᠤᠯᠵᠤ ᠵᠢᠬᠰᠠᠭᠠᠯ ᠢᠶᠠᠨ ᠵᠠᠰᠠᠵᠤ ᠭᠡᠨ᠎ᠠ᠃ ᠭᠡᠳᠠᠯ᠎ᠠ ᠨᠥᠭᠦᠭᠡ ᠡᠳᠡᠭᠡᠳ ᠨᠢ ᠪᠠᠰᠠ ᠨᠠᠢᠮᠠᠨ ᠵᠠᠮ ᠢ ᠲᠤᠰᠴᠤ ᠡᠰᠡᠷᠭᠦᠴᠡᠭᠦ ᠨᠢ ᠯᠠᠪᠳᠠᠢ ᠪᠤᠯᠬᠤᠷ᠂ ᠬᠤᠶᠠᠷ ᠲᠠᠯ᠎ᠠ ᠶᠢ ᠨᠢᠬᠳᠠᠯᠠᠨ ᠪᠤᠳᠤᠬᠤ ᠨᠢ ᠴᠢᠬᠤᠯᠨ ᠲᠠᠢ ᠪᠤᠯᠵᠥ᠂ ᠨᠢᠭᠡ ᠭᠥᠯᠭᠡ ᠵᠢᠷᠠᠨ ᠲᠥᠷᠪᠡᠨ ᠪᠠᠭᠤᠳᠠᠯ ᠤᠨ ᠲᠠᠶᠢᠨ ᠤ ᠲᠠᠯᠠᠪᠤᠷ ᠵᠠᠰᠠᠵᠤ ᠲᠠᠶᠢᠯᠥᠨ ᠲᠠᠶᠢᠯᠥᠭᠳᠡᠭᠦ ᠪᠠᠨ ᠰᠢᠯᠭᠠᠵᠤ᠂ ᠭᠡᠷᠪᠠ ᠨᠤᠶᠠᠨ ᠨᠢ ᠶᠠᠪᠤᠬᠤ ᠭᠠᠵᠠᠷ ᠥᠭᠡᠢ ᠪᠤᠯᠪᠠᠯ ᠮᠠᠳᠯᠠᠪᠠ ︵ᠥᠭᠦᠪᠠ ︶ ᠭᠡᠵᠥ ᠨᠠᠷᠠᠯᠡᠭᠡᠳ ᠲᠠᠶᠢᠨ ᠤ ᠢᠯᠠᠯᠳᠠ ᠤᠯᠤᠭᠰᠠᠨ ᠢᠶᠠᠨ ᠵᠢᠱᠢᠵᠥ ᠭᠡᠨ᠎ᠠ᠃ ᠢᠩᠭᠢᠵᠥ ᠲᠠᠶᠢᠨ ᠤ ᠠᠷᠭ᠎ᠠ ᠪᠤᠳᠤᠯᠭ᠎ᠠ ᠪᠠᠨ ᠲᠤᠭᠳᠠᠭᠠᠵᠤ᠂ ᠠᠮᠢᠳᠥᠯᠢᠭ᠋ ᠭᠡᠷᠡᠭᠯᠡᠵᠥ ᠴᠢᠳᠠᠭᠰᠠᠨ ᠢᠶᠠᠷ ᠡᠨᠡ ᠤᠳᠠᠭ᠎ᠠ ᠶᠡᠭᠡ ᠢᠯᠠᠯᠳᠠ ᠤᠯᠵᠤ ᠲᠤᠰ ᠬᠤᠳᠠ ᠶᠢ ᠡᠵᠡᠯᠡᠭᠰᠡᠨ ᠪᠥᠭᠡᠳ ᠴᠠᠭᠠᠰᠢᠳᠠ ᠡᠸᠥ᠋ᠷᠤᠫᠠ ᠲᠢᠪ ᠢ ᠲᠤᠭᠳᠠᠭᠠᠭᠰᠠᠨ ᠭᠡᠨ᠎ᠠ᠃ ᠭᠥᠭᠡᠨᠡᠭᠤᠷ ᠤᠨ ︽ᠭᠡᠰᠡᠷ ᠤᠨ ᠲᠤᠭᠤᠵᠢ︾ ᠳᠤ ︽ᠰᠢᠳᠡᠷ᠎ᠠ ᠶᠢᠨ ᠭᠥᠯᠭᠡ︾ ᠭᠡᠰᠡᠨ ᠲᠣᠮᠤᠭ ᠶᠠᠷᠢᠶ᠎ᠠ ᠪᠠᠶᠢᠳᠠᠭ᠃ ᠲᠤᠰ ᠲᠤᠮᠤᠭ ᠲᠤ᠂ ᠬᠠᠭᠤᠴᠢᠨ ᠤ ᠥᠶ᠎ᠠ ᠳᠤ ᠭᠥᠭᠡᠨᠡᠭᠤᠷ ‍ᠠᠴᠠ ᠲᠥᠪᠡᠳ ᠭᠥᠷᠭᠦ ᠭᠤᠤᠯ ᠵᠠᠮ ᠪᠠᠶᠢᠭᠰᠠᠨ᠂ ᠤᠳᠤ ᠤᠯᠠᠭᠠᠨ ᠰᠢᠶᠠᠨ ‍ᠠᠴᠠ ᠲᠤᠯᠠᠭᠠᠨ ᠰᠢᠶᠠᠨ ᠭᠥᠷᠭᠦ ᠵᠠᠮ ᠢᠶᠠᠷ ᠶᠠᠪᠤᠵᠤ᠂ ᠰᠠᠷᠯᠤᠭ ᠤᠨ ᠠᠭᠤᠯᠨ ᠶᠢ ᠥᠡᠭᠭᠡᠷᠡᠭᠦ ᠥᠶ᠎ᠠ ᠳᠤ᠂ ᠵᠠᠮ ᠤᠨ ᠪᠠᠷᠠᠭᠤᠨ᠎ᠠ ᠨᠢᠭᠡᠨ ᠲᠡᠭᠰᠢ ᠤᠷᠥᠢ ᠲᠠᠢ ᠠᠭᠤᠯᠨ ᠪᠠᠶᠢᠬᠤ ᠶᠢ ᠤᠯᠵᠤ ᠬᠠᠷᠠᠨ᠎ᠠ᠃ ᠡᠭᠦᠨ ᠢ ᠭᠡᠰᠡᠷ ᠬᠠᠨ ᠤ ᠰᠢᠳᠡᠷ᠎ᠠ ᠶᠢᠨ ᠭᠥᠯᠭᠡ ᠭᠡᠳᠡᠭ ᠶᠣᠮ᠃ ᠨᠢᠭᠡᠨ ᠡᠳᠥᠷ ᠭᠡᠰᠡᠷ ᠬᠠᠨ ᠲᠡᠭᠦᠨ ᠤ ᠠᠬ᠎ᠠ ᠵᠠᠰᠠ ᠰᠢᠭᠡᠷ ᠲᠠᠢ ᠪᠠᠨ ᠲᠠᠶᠢᠨ ᠤ ᠵᠢᠬᠰᠠᠭᠠᠯ᠂ ᠴᠡᠷᠢᠭ ᠤᠨ ᠪᠠᠶᠢᠷᠢᠰᠢᠯ ᠢ ᠶᠠᠷᠢᠯᠴᠠᠨ ᠪᠠᠶᠢᠬᠤ ᠳᠤ ᠪᠠᠨ ᠭᠡᠨᠡᠳᠳᠠ ᠬᠤᠳᠠᠯ ᠢ ᠥᠨᠡᠨ ᠢᠶᠠᠷ ᠤᠷᠤᠯᠠᠭᠤᠯᠵᠤ ᠲᠤᠷᠰᠢᠨ ᠪᠠᠶᠢᠯᠳᠤᠬᠤ ᠶᠢ ᠪᠤᠳᠤᠵᠤ ᠤᠯᠤᠭᠰᠠᠨ ᠪᠠᠶᠢᠨ᠎ᠠ᠃ ᠢᠩᠭᠢᠭᠡᠳ ᠭᠡᠰᠡᠷ ᠬᠠᠨ ᠨᠢᠭᠡᠨ ᠠᠭᠤᠯᠨ ᠶᠢ ᠰᠤᠩᠭᠤᠵᠤ᠂ ᠡᠷᠳᠠᠨᠢ ᠶᠢᠨ ᠢᠯᠳᠤ ᠪᠠᠷ ᠢᠶᠠᠨ ᠠᠭᠤᠯᠨ ᠶᠢᠨ ᠤᠷᠤᠢ ᠶᠢ ᠲᠡᠭᠰᠢᠯᠡᠭᠡᠳ ᠰᠢᠳᠡᠷ᠎ᠠ ᠶᠢᠨ ᠭᠥᠯᠭᠡ ᠪᠤᠯᠭᠠᠭᠰᠠᠨ ᠭᠡᠨ᠎ᠠ᠃ ᠲᠠᠭᠡᠭᠡᠳ ᠨᠤᠶᠠᠨ᠂ ᠪᠡᠷᠰᠠ᠂ ᠲᠠᠷᠭᠡ᠂ ᠲᠡᠮᠡᠭᠡ᠂ ᠮᠤᠷᠢ᠂ ᠴᠡᠷᠢᠭ᠂ ᠭᠡᠥᠭᠡᠳ ᠭᠡᠭᠦ ᠵᠠᠷᠭᠡ ᠭᠤᠴᠢᠨ ᠬᠤᠶᠠᠷ ᠰᠢᠳᠡᠷ᠎ᠠ ᠶᠢ ᠵᠤᠷᠭᠤᠵᠤ ᠬᠤᠶᠠᠷ ᠡᠳᠡᠭᠡᠳ ᠪᠤᠯᠭᠠᠨ ᠪᠠᠶᠢᠷᠢᠯᠠᠭᠤᠯᠵᠠᠢ᠃ ᠢᠩᠭᠢᠭᠡᠳ ᠰᠢᠳᠡᠷ᠎ᠠ ᠪᠠᠨ ᠥᠷᠥᠭᠦᠨ ︵ᠥᠷᠯᠥᠭᠡ︶ ᠠᠴᠠ ᠠᠰᠬᠠᠨ ︵ᠤᠷᠤᠢ︶᠂ ᠠᠰᠬᠠᠨ ᠠᠴᠠ ᠪᠥᠷᠥᠢ ᠭᠥᠷᠳᠠᠯ᠎ᠠ ᠲᠠᠯᠪᠢᠵᠠᠢ᠃ ᠭᠡᠨᠡᠳᠳᠠ ᠠᠭᠤᠯᠨ ᠶᠢᠨ ᠪᠠᠯ ᠳᠤ ᠲᠤᠭᠤᠰᠤ ᠲᠡᠭᠳᠡᠭᠦ ᠶᠢ ᠬᠠᠳᠤᠨ ᠨᠢ ᠤᠯᠵᠤ ᠥᠵᠡᠭᠡᠳ ᠶᠡᠭᠡ ᠰᠤᠴᠢᠵᠥ ︽ᠲᠠᠶᠢᠰᠤᠨ ᠢᠷᠠᠯ᠎ᠠ᠂ ᠰᠢᠳᠡᠷ᠎ᠠ ᠪᠠᠨ ᠬᠤᠷᠢᠶᠠᠴᠢᠬ᠎ᠠ︾ ᠭᠡᠭᠦ ᠳᠤ᠂ ᠠᠬ᠎ᠠ ᠲᠡᠭᠦᠥ ᠬᠤᠶᠠᠭᠤᠯᠨ ᠠᠵᠢᠭ ᠴᠤ ᠥᠭᠡᠢ ᠤᠭ ᠭᠡᠪ ᠢᠶᠠᠷ ᠢᠶᠠᠨ ᠰᠢᠳᠡᠷ᠎ᠠ ᠪᠠᠨ ᠲᠠᠯᠪᠢᠵᠥ᠂ ᠨᠢᠭᠡ ᠨᠢ ᠲᠠᠭᠠᠷᠢᠪᠠᠯ ᠨᠥᠭᠦᠭᠡ ᠨᠢ ᠬᠤᠷᠢᠭᠯᠠᠵᠤ᠂ ᠲᠠᠶᠢᠨ ᠤ ᠬᠠᠯᠠᠭᠤᠨ ᠳᠤ ᠰᠤᠭᠳᠤᠭᠤᠷᠠᠵᠠᠢ᠃ ᠰᠢᠷ᠎ᠠ ᠪᠥᠷᠥᠢ ᠶᠢᠨ ᠥᠶ᠎ᠠ ᠪᠠᠷ ᠬᠠᠷ᠎ᠠ ᠭᠡᠷᠳᠥ ᠬᠠᠨ ᠤ ᠴᠡᠷᠢᠭ ᠭᠤᠷᠪᠠᠨ ᠲᠠᠪᠬᠤᠷ ᠪᠥᠰᠡᠯᠠᠵᠤ ᠠᠭᠤᠯᠠᠨ ᠤᠷᠤᠢ ᠥᠭᠡᠳᠠ ᠰᠢᠬᠠᠨ ᠢᠷᠠᠵᠥ ᠪᠠᠶᠢᠬᠤ ᠶᠢ ᠮᠠᠳᠠᠪᠠ᠃ ᠠᠬ᠎ᠠ ᠲᠡᠭᠦᠥ ᠬᠤᠶᠠᠭᠤᠯᠨ ᠢᠩᠭᠢᠭᠡᠳ ᠰᠠᠶ᠋ᠢ ︽ᠲᠠᠶᠢᠨ︾ ᠢᠶᠠᠨ ᠵᠤᠭᠰᠤᠵᠥ᠂ ᠪᠢᠯᠢᠭ ᠤᠨ ᠭᠡᠭᠡᠷ ᠲᠤ ᠪᠠᠨ ᠮᠤᠷᠳᠠᠵᠤ᠂ ᠵᠢᠳᠠ ᠰᠠᠯᠠᠮ᠎ᠠ ᠡᠷᠭᠢᠭᠦᠯᠥᠨ ᠴᠢᠰᠥᠨ ᠵᠠᠮ ᠭᠠᠷᠭᠠᠨ᠂ ᠠᠷᠯᠤᠭᠤᠸ᠎ᠠ ᠬᠠᠳᠤᠨ ᠢᠶᠠᠨ ᠬᠠᠮᠠᠭᠠᠯᠠᠨ ᠪᠥᠰᠡᠯᠡᠯᠳᠠ ᠶᠢ ᠰᠢᠪᠳᠤᠯᠪᠠ᠃ ᠲᠤᠬᠠᠢ ᠶᠢᠨ ᠥᠶ᠎ᠠ ᠳᠤ ᠲᠠᠳᠠᠨ ᠤ ᠰᠢᠳᠡᠷ᠎ᠠ ᠲᠠᠯᠪᠢᠭᠰᠠᠨ ᠲᠡᠭᠰᠢ ᠤᠷᠥᠢ ᠲᠠᠢ ᠠᠭᠤᠯᠨ ᠶᠢ ︽ᠭᠡᠰᠡᠷ ᠬᠠᠨ ᠤ ᠰᠢᠳᠡᠷ᠎ᠠ ᠶᠢᠨ ᠰᠢᠷᠡᠭᠡ︾ ᠭᠡᠮᠡᠨ ᠨᠠᠷᠠᠶᠢᠳᠥᠭᠰᠡᠨ ᠪᠠᠶᠢᠨ᠎ᠠ᠃      ᠲᠡᠭᠡᠷᠡᠭᠢ ᠬᠤᠶᠠᠷ ᠤᠯᠠᠮᠵᠢᠯᠠᠯ ᠶᠠᠷᠢᠶ᠎ᠠ ᠠᠴᠠ ᠥᠵᠡᠭᠦ ᠳᠤ᠂ ᠮᠤᠩᠭᠤᠯ ᠰᠢᠳᠡᠷ᠎ᠠ ᠨᠢ 13 ᠳ᠋ᠤᠭᠠᠷ ᠵᠠᠭᠤᠨ ᠤ ᠥᠶ᠎ᠠ ᠶᠢᠨ ᠴᠢᠩᠭᠢᠰ ᠬᠠᠭᠠᠨ ᠤ ᠴᠡᠷᠢᠭ ᠲᠠᠶᠢᠨ ᠤ ᠠᠷᠭ᠎ᠠ ᠪᠤᠳᠤᠯᠭ᠎ᠠ ᠪᠤᠯᠤᠨ ᠬᠡᠰᠡᠷ ᠬᠠᠨ ᠤ ᠴᠡᠷᠢᠭ ᠤᠨ ᠵᠢᠭᠰᠠᠭᠠᠯ ᠲᠠᠢ ᠬᠤᠯᠪᠤᠭᠳᠠᠵᠤ ᠪᠠᠶᠢᠬᠤ ᠪᠥᠭᠡᠳ ᠮᠤᠩᠭᠤᠯᠴᠤᠳ ᠤᠨ ᠨᠡᠭᠦᠳᠠᠯ ᠮᠠᠯᠵᠢᠯ ᠤᠨ ᠠᠵᠤ ᠠᠮᠢᠳᠤᠷᠠᠯ᠂ ᠥᠢᠯᠠᠳᠪᠤᠷᠢᠯᠠᠯ ᠠᠵᠢᠯᠯᠠᠭᠠᠨ ᠤ ᠠᠭᠤᠯᠭ᠎ᠠ ᠶᠢ ᠲᠤᠰᠬᠠᠵᠤ᠂ ᠠᠩᠬ᠎ᠠ ᠡᠭᠢᠯᠡᠭᠡᠳ ᠴᠡᠷᠢᠭ ᠲᠠᠶᠢᠨ ᠤ ᠠᠵᠢᠯᠯᠠᠭ᠎ᠠ ᠲᠠᠢ ᠬᠤᠯᠪᠤᠭᠳᠠᠵᠤ ᠡᠭᠦᠰᠥᠭᠡᠳ᠂ ᠤᠯᠠᠮ ᠢᠶᠠᠷ ᠵᠤᠭ᠎ᠠ ᠴᠠᠩᠭᠡᠯ ᠤᠨ ᠵᠤᠷᠢᠭᠤᠯᠤᠯᠳᠠ ᠪᠠᠷ ᠭᠥᠮᠥᠰ ᠤᠨ ᠤᠶᠤᠨ ᠪᠢᠯᠢᠭ ᠢ ᠰᠤᠷᠢᠬᠤ ᠤᠯᠠᠮᠵᠢᠯᠠᠯᠳᠤ ᠨᠠᠭᠠᠳᠤᠮ ᠲᠤᠭᠯᠠᠭᠠᠮ ᠤᠨ ᠨᠢᠭᠡ ᠲᠥᠷᠥᠯ ᠪᠤᠯᠤᠭᠰᠠᠨ ᠪᠠᠶᠢᠨ᠎ᠠ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号