ᠮᠤᠩᠭᠤᠯ ᠰᠢᠳᠡᠷ᠎ᠠ ᠶᠢᠨ ᠰᠠᠶᠢᠯᠪᠤᠷᠢ ᠤᠷᠠᠯᠢᠭ
ᠨᠡᠶᠢᠲᠡᠯᠡᠭᠰᠡᠨ ᠴᠠᠭ᠄
2020/8/19
      ᠮᠤᠩᠭᠤᠯ ᠰᠢᠳᠡᠷ᠎ᠠ ᠶᠢᠨ ᠤᠷᠠᠯᠢᠭ ᠰᠠᠶᠢᠯᠪᠤᠷᠢ ᠨᠢ ᠥᠪᠠᠷᠮᠢᠴᠠ ᠭᠡᠪ ᠨᠠᠮᠪᠠ ᠪᠠ ᠭᠡ ᠤᠭᠠᠯᠵᠠ ᠲᠠᠢ ᠤᠷᠠᠨ ᠲᠥᠷᠢ ᠪᠠᠷ ᠭᠥᠮᠥᠰ ᠤᠨ ᠡᠮᠥᠨ᠎ᠠ ᠲᠠᠯᠭᠡᠭᠳᠡᠭᠦ ᠳᠤ ᠪᠠᠨ ᠭᠤᠸ᠎ᠠ ᠰᠠᠶᠢᠬᠠᠨ ᠤ ᠡᠷᠢᠯ ᠭᠥᠰᠡᠯ ᠢ ᠢᠯᠡᠷᠡᠭᠦᠯᠥᠨ᠂ ᠮᠤᠩᠭᠤᠯᠴᠤᠳ ᠤᠨ ᠰᠠᠶᠢᠨ ᠰᠠᠨᠠᠭᠠᠨ ᠤ ᠮᠥᠷᠥᠭᠡᠳᠥᠯ ᠵᠥᠡᠭᠨᠡᠯ ᠢ ᠲᠤᠰᠬᠠᠭᠰᠠᠨ ᠪᠠᠶᠢᠳᠠᠭ᠃ ᠢᠢᠮᠤ ‍ᠠᠴᠠ ᠮᠤᠩᠭᠤᠯ ᠰᠢᠳᠡᠷ᠎ᠠ ᠶᠢ ᠲᠤᠭᠯᠠᠬᠤ ᠨᠢ ᠵᠥᠪᠭᠡᠨ ᠭᠥᠮᠥᠰ ᠢ ᠨᠠᠭᠠᠳᠣᠮ ᠤᠨ ᠲᠥᠯᠥᠭᠡ ᠨᠢᠳᠥ ᠬᠠᠶᠠᠭᠤᠯᠵᠤ᠂ ᠨᠠᠷᠭᠢᠯᠳᠥᠬᠤ ᠶᠢᠨ ᠤᠴᠢᠷ ᠲᠤ ᠰᠠᠳᠭᠢᠯ ᠢᠶᠠᠨ ᠵᠥᠳᠡᠭᠡᠭᠦ ᠶᠢᠨ ᠲᠠᠳᠤᠢ ᠪᠤᠰᠤ᠂ ᠬᠠᠷᠢᠨ ᠤᠷᠤᠯᠳᠥᠭᠠᠨ ᠨᠠᠭᠠᠳᠣᠮ ᠤᠨ ᠲᠤᠮᠳᠠ ᠭᠤᠸ᠎ᠠ ᠰᠠᠶᠢᠬᠠᠨ ᠤ ᠭᠥᠷᠳᠡᠭᠡᠯ ᠢ ᠤᠯᠭᠤᠵᠤ᠂ ᠨᠢᠳᠥᠨ ᠤ ᠴᠢᠯᠡᠭᠡ᠂ ᠰᠠᠳᠭᠢᠯ ᠤᠨ ᠪᠠᠴᠢᠮᠳᠠᠯ ᠢ ᠲᠠᠶᠢᠯᠬᠤ ᠪᠠᠷ ᠪᠠᠷᠠᠬᠤ ᠥᠭᠡᠢ᠂ ᠠᠮᠢᠳᠤᠷᠠᠯ ᠢ ᠬᠠᠶᠢᠷᠠᠯᠠᠨ ᠪᠠᠭ᠋ᠠᠷᠬᠠᠬᠤ ᠤᠷᠮᠠᠰ ᠵᠤᠷᠢᠭ ᠢ ᠨᠢ ᠤᠷᠢᠶᠠᠯᠠᠨ ᠲᠠᠭᠤᠳᠠᠵᠤ ᠪᠠᠶᠢᠳᠠᠭ᠃ ᠮᠤᠩᠭᠤᠯ ᠥᠨᠳᠥᠰᠥᠳᠠᠨ ᠤ ᠠᠮᠢᠳᠥᠷᠠᠯ ᠢ ᠲᠤᠰᠬᠠᠭᠰᠠᠨ ᠤᠯᠠᠨ ᠵᠥᠢᠯ ᠤᠨ ᠠᠮᠢᠳᠠᠨ ᠤ ᠠᠮᠢᠳᠤ ᠲᠥᠷᠰᠦᠯᠢᠭ ᠲᠥᠷᠢ ᠰᠠᠶᠢᠯᠪᠤᠷᠢ ᠪᠠ ᠥᠨᠳᠥᠰᠤᠳᠠᠨ ᠤ ᠭᠤᠸ᠎ᠠ ᠰᠠᠶᠢᠬᠠᠨ ᠤ ᠲᠠᠭᠠᠰᠢᠶᠠᠯ ᠥᠡᠭᠭᠡ ᠪᠠᠷ ᠴᠢᠮᠡᠭᠯᠡᠭᠳᠠᠨ ᠰᠢᠷᠳᠡᠭᠳᠡᠭᠰᠡᠨ ᠰᠠᠶᠢᠯᠪᠤᠷᠢ ᠶᠢᠨ ᠪᠥᠳᠤᠴᠠ ᠨᠢ ᠨᠡᠩ ᠴᠤ ᠢᠯᠨ ᠲᠤᠳᠤ ᠥᠨᠳᠥᠰᠥᠳᠠᠨ ᠤ ᠤᠨᠴᠠᠯᠢᠭ ᠢ ᠪᠥᠷᠢᠯᠳᠥᠭᠦᠯᠥᠭᠰᠡᠨ ᠪᠠᠶᠢᠨ᠎ᠠ᠃      ᠮᠤᠩᠭᠤᠯ ᠰᠢᠳᠡᠷ᠎ᠠ ᠶᠢ ᠤᠯᠠᠩᠭᠢ ᠳᠤ ᠪᠠᠨ ᠬᠤᠰᠤ ᠮᠤᠳᠤ᠂ ᠴᠠᠭᠠᠨ ᠽᠠᠨᠳᠠᠨ᠂ ᠪᠤᠷᠤ ᠽᠠᠨᠳᠠᠨ᠂ ᠰᠣᠮᠣ ᠮᠣᠳᠤ᠂ ᠤᠯᠠᠭᠠᠨ ᠨᠠᠷᠠᠰᠤ᠂ ᠠᠭᠠᠷᠤ᠂ ᠭᠥᠢᠯᠡᠰᠥᠨ ᠮᠤᠳᠤᠨ ᠤ ᠥᠨᠳᠣᠰᠣ ᠵᠡᠷᠭᠡ ᠬᠠᠭᠠᠷᠠᠵᠤ ᠣᠰᠤᠳᠠᠬᠤ ᠥᠭᠡᠢ ᠴᠢᠨᠠᠷᠯᠢᠭ ᠰᠠᠶᠢᠨ ᠮᠤᠳᠤ ᠪᠤᠶᠤ ᠥᠭᠡᠷ ᠤᠨ ᠡᠪᠠᠷ᠂ ᠲᠡᠮᠡᠭᠡᠨ ᠤ ᠶᠠᠰᠤ ᠵᠠᠷᠭᠡ ᠪᠠᠷ ᠤᠷᠠᠯᠠᠨ ᠰᠠᠶᠢᠯᠳᠡᠭ᠃ ᠡᠷᠳᠠ ᠥᠶ᠎ᠠ ᠳᠤ ᠪᠠᠰᠠ ᠲᠠᠨᠢᠭᠢᠷ ᠴᠢᠯᠠᠭᠤ᠂ ᠬᠠᠰ ᠵᠠᠷᠭᠡ ᠴᠢᠯᠠᠭᠤᠯᠢᠭ ᠪᠤᠳᠠᠰ ᠪᠤᠶᠤ ᠭᠠᠤᠯᠢ᠂ ᠵᠠᠰ᠂ ᠮᠥᠩᠭᠦ ᠵᠡᠷᠭᠡ ᠲᠠᠮᠦᠷᠯᠢᠭ ᠢᠶᠠᠷ ᠥᠡᠭᠭᠡ ᠢᠯᠭᠠᠨ ᠴᠠᠪᠴᠢᠵᠥ ᠴᠢᠳᠬᠤᠭᠰᠠᠨ ᠰᠠᠶᠢᠯᠪᠤᠷᠢ ᠲᠠᠢ ᠰᠢᠳᠡᠷ᠎ᠠ ᠴᠤ ᠪᠠᠶᠢᠳᠠᠭ᠃ ᠤᠳᠤᠬᠠᠨ ᠳᠤ ᠮᠠᠨ ᠳᠤ ᠤᠯᠳᠠᠵᠤ ᠪᠠᠶᠢᠭ᠎ᠠ ᠰᠢᠳᠡᠷ᠎ᠠ ᠶᠢᠨ ᠰᠠᠶᠢᠯᠪᠤᠷᠢ ᠪᠤᠯᠤᠨ ᠪᠥᠳᠤᠴᠠ ᠶᠢ ᠥᠨᠳᠥᠰᠥᠯᠡᠪᠠᠯ᠂ ᠤᠷᠠᠨ ᠰᠠᠶᠢᠯᠪᠤᠷᠢᠳᠤ ᠮᠤᠳᠤᠨ ᠰᠢᠳᠡᠷ᠎ᠠ᠂ ᠲᠠᠮᠦᠷᠯᠢᠭ ᠢᠶᠠᠷ ᠴᠢᠳᠬᠤᠭᠰᠠᠨ ᠴᠠᠪᠴᠢᠭᠠᠷᠳᠤ ᠰᠢᠳᠡᠷ᠎ᠠ᠂ ᠶᠠᠰᠤᠨ ᠰᠢᠳᠡᠷ᠎ᠠ ᠵᠠᠷᠭᠡ ᠪᠤᠢ᠃ ᠮᠤᠩᠭᠤᠯ ᠰᠢᠳᠡᠷ᠎ᠠ ᠶᠢᠨ ᠤᠷᠠᠯᠢᠭ ᠰᠠᠶᠢᠯᠪᠤᠷᠢ᠂ ᠤᠷᠠᠨ ᠪᠥᠳᠥᠴᠠ ᠨᠢ ᠥᠨᠳᠥᠰᠤᠳᠠᠨ ᠤ ᠥᠪᠠᠷᠮᠢᠴᠠ ᠤᠨᠴᠠᠯᠢᠭ ᠢ ᠲᠤᠪᠤᠶᠢᠮ᠎ᠠ ᠢᠯᠠᠷᠡᠭᠦᠯᠵᠥ᠂ ᠮᠤᠩᠭᠤᠯᠴᠤᠳ ᠤᠨ ᠠᠬᠤᠢ ᠠᠮᠢᠳᠤᠷᠠᠯ ᠤᠨ ᠪᠠᠶᠢᠳᠠᠯ ᠢ ᠠᠮᠢᠳᠤ ᠲᠥᠷᠰᠦᠯᠢᠭ ᠢᠶᠠᠷ ᠲᠤᠰᠬᠠᠨ᠂ ᠭᠥᠮᠥᠰ ᠲᠤ ᠭᠤᠸ᠎ᠠ ᠰᠠᠶᠢᠬᠠᠨ ᠤ ᠭᠥᠷᠳᠡᠭᠡᠯ ᠤᠯᠭᠤᠳᠠᠭ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号