﹇ᠳᠡᠯᠡᠬᠡᠶ ᠶᠢᠨ ᠡᠯᠢᠭᠡᠨ ᠤ ᠦᠷᠪᠢᠰᠦᠯ ᠤᠨ ᠡᠳᠦᠷ﹈ ᠮᠠᠷᠢᠶ᠎ᠠ ᠰᠢᠭᠤᠷᠠᠭᠤᠯᠬᠤ ᠨᠢ  ᠪᠠᠰᠠ ᠡᠯᠢᠭᠡ ᠶᠢ  ᠦᠭᠡᠭᠦᠯᠡᠭᠦᠯᠳᠡᠭ
ᠨᠡᠶᠢᠲᠡᠯᠡᠭᠰᠡᠨ ᠴᠠᠭ᠄
2021/7/29
       ᠰᠢᠨᠬᠤᠸᠠ ᠰᠦᠯᠵᠢᠶᠡᠨ ᠤ ᠬᠥᠬᠡᠬᠤᠲᠠ ᠶᠢᠨ 7  ᠰᠠᠷ᠎ᠠ ᠶᠢᠨ  27 ᠤ  ᠡᠳᠦᠷ ᠤᠨ  ᠮᠡᠳᠡᠭᠡ  ︵ᠯᠢ  ᠴᠢᠶᠠᠨ︶  7 ᠰᠠᠷ᠎ᠠ ᠶᠢᠨ 28 ᠤ ᠡᠳᠦᠷ ᠪᠣᠯ ︽ᠳᠡᠯᠡᠬᠡᠶ ᠶᠢᠨ ᠡᠯᠢᠭᠡᠨ   ᠤ  ᠦᠷᠪᠢᠰᠦᠯ ᠤᠨ  ᠡᠳᠦᠷ︾  ᠮᠥᠨ᠃  ᠥᠪᠥᠷ  ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠡᠮᠨᠡᠯᠭᠡ ᠶᠢᠨ ᠬᠤᠷᠢᠶᠠᠨ ᠤ ᠰᠢᠩᠭᠡᠭᠡᠯᠲᠡ ᠶᠢᠨ ᠳᠣᠲᠣᠷ ᠰᠠᠯᠠᠭᠠᠨ ᠤ  ᠡᠷᠬᠢᠯᠡᠭᠴᠢ ᠦ᠋ ᠵᠢᠶᠠᠨ ᠫᠢᠩ ᠲᠠᠨᠢᠯᠴᠠᠭᠤᠯᠬᠤ ᠳᠠᠭᠠᠨ᠄ ᠡᠮᠴᠢᠯᠡᠭᠡᠨ ᠤ ᠲᠤᠭ᠎ᠠ ᠪᠠᠷᠢᠮᠲᠠ ᠠᠴᠠ ᠦᠵᠡᠪᠡᠯ᠂ ᠡᠯᠢᠭᠡ ᠥᠭᠡᠬᠦᠯᠡᠬᠦ  ᠡᠪᠡᠳᠴᠢᠨ ᠡᠭᠦᠰᠬᠦ ᠨᠣᠷᠮ᠎ᠠ ᠲᠠᠰᠤᠷᠠᠯᠲᠠ ᠥᠬᠡᠶ ᠳᠡᠭᠡᠭᠰᠢᠯᠡᠵᠦ  ᠪᠠᠶᠢᠬᠤ  ᠪᠥᠭᠡᠳ  ᠡᠪᠡᠳᠴᠢᠨ  ᠡᠭᠦᠰᠬᠦ  ᠨᠠᠰᠤ ᠨᠢ  ᠡᠳᠦᠷ  ᠢᠷᠡᠬᠦᠶ᠎ᠡ ᠵᠠᠯᠠᠭᠤᠵᠢᠵᠤ ᠪᠠᠶᠢᠨ᠎ᠠ᠂ ᠮᠠᠰᠢ ᠣᠯᠠᠨ ᠵᠠᠯᠠᠭᠤᠴᠤᠳ ᠮᠠᠷᠢᠶ᠎ᠠ ᠰᠢᠭᠤᠷᠠᠭᠤᠯᠬᠤ ᠶᠠᠪᠤᠴᠠ ᠳᠤ ᠡᠯᠢᠭᠡ ᠥᠭᠡᠬᠦᠯᠡᠬᠦ ᠳᠤ ᠠᠪᠳᠠᠬᠳᠠᠵᠤ ᠪᠠᠶᠢᠨ᠎ᠠ᠃             ᠡᠯᠢᠭᠡ ᠥᠭᠡᠬᠦᠯᠡᠬᠦ ᠶᠢ ᠪᠠᠰᠠ ᠥᠭᠡᠬᠦᠯᠡᠬᠦ ᠴᠢᠨᠠᠷᠲᠠᠶ ᠡᠯᠢᠭᠡᠨ ᠤ ᠡᠪᠡᠳᠴᠢᠨ ᠭᠡᠳᠡᠭ᠃ ᠬᠡᠪ ᠤᠨ ᠪᠠᠶᠢᠳᠠᠯ  ᠳᠣᠣᠷ᠎ᠠ᠂ ᠬᠥᠮᠦᠨ ᠤ  ᠪᠡᠶ᠎ᠡ ᠶᠢᠨ  ᠢᠯᠡᠭᠦᠴᠡ  ᠡᠨᠧᠷᠭᠢ  ᠥᠭᠡᠬᠦ ᠶᠢᠨ  ᠬᠡᠯᠪᠡᠷᠢ ᠪᠠᠷ  ᠬᠠᠳᠠᠭᠠᠯᠠᠭᠳᠠᠳᠠᠭ᠂  ᠥᠭᠡᠬᠦᠨ  ᠨᠡᠬᠡᠳᠡᠰᠦ ᠠᠴᠠ ᠭᠠᠳᠠᠨ᠎ᠠ᠂ ᠡᠯᠢᠭᠡ ᠪᠣᠯ ᠬᠠᠮᠤᠭ ᠶᠡᠭᠡ ᠥᠭᠡᠬᠦ ᠬᠠᠳᠠᠭᠠᠯᠠᠬᠤ ᠡᠷᠬᠡᠲᠡᠨ ᠪᠣᠯᠤᠨ᠎ᠠ᠃ ᠡᠷᠡᠭᠦᠯ ᠬᠥᠮᠦᠨ ᠤ ᠡᠯᠢᠭᠡᠨ ᠳᠤ ᠪᠦᠷ ᠪᠠᠭ᠎ᠠ ᠬᠡᠮᠵᠢᠶᠡᠨ ᠤ ᠥᠭᠡᠬᠦ ᠪᠠᠶᠢᠳᠠᠭ᠂ ᠥᠭᠡᠬᠦ ᠶᠢᠨ ᠠᠭᠤᠯᠤᠭᠳᠠᠴᠠ 5% ᠠᠴᠠ  ᠬᠡᠲᠦᠷᠡᠪᠡᠯ  ᠳᠠᠷᠤᠢ  ᠡᠯᠢᠭᠡ  ᠦᠭᠡᠬᠦᠯᠡᠯ᠎ᠡ  ᠭᠡᠵᠦ ᠦᠵᠡᠵᠦ ᠪᠣᠯᠤᠨ᠎ᠠ ᠬᠡᠪᠡ᠃          ︽ᠣᠯᠠᠨ ᠢᠶᠠᠷ ᠢᠶᠠᠨ ᠶᠡᠷᠦ ᠳᠡᠭᠡᠨ ᠥᠭᠡᠬᠦ ᠬᠡᠲᠦᠷᠬᠡᠶ ᠠᠷᠪᠢᠨ ᠢᠳᠡᠳᠡᠭ᠂ ᠰᠢᠮ᠎ᠡ  ᠲᠡᠵᠢᠭᠡᠯ  ᠬᠡᠲᠦᠷᠡᠭᠰᠡᠨ  ᠬᠥᠮᠦᠨ ᠰᠠᠶ᠋ᠢ ᠡᠯᠢᠭᠡ ᠥᠭᠡᠬᠦᠯᠡᠬᠦ ᠡᠪᠡᠳᠴᠢᠨ ᠳᠤ ᠨᠡᠷᠪᠡᠭᠳᠡᠳᠡᠭ ᠭᠡᠵᠦ ᠦᠵᠡᠳᠡᠭ᠂ ᠦᠨᠡᠨ ᠳᠡᠭᠡᠨ ᠬᠡᠲᠦ ᠮᠠᠷᠢᠶ᠎ᠠ ᠰᠢᠭᠤᠷᠠᠭᠤᠯᠬᠤ  ᠪᠠ ᠬᠡᠲᠦ  ᠲᠦᠷᠭᠡᠨ  ᠮᠠᠷᠢᠶ᠎ᠠ  ᠰᠢᠭᠤᠷᠠᠭᠤᠯᠬᠤ ᠨᠢ  ᠪᠠᠰᠠ  ᠡᠯᠢᠭᠡ   ᠶᠢ  ᠦᠭᠡᠭᠦᠯᠡᠬᠦᠯᠳᠡᠭ︾  ᠭᠡᠵᠦ  ᠦ᠋  ᠵᠢᠶᠠᠨ   ᠫᠢᠩ ᠤᠨ ᠲᠠᠨᠢᠯᠴᠠᠭᠤᠯᠤᠭᠰᠠᠨ ᠢᠶᠠᠨ ᠵᠠᠯᠭᠠᠭᠠᠳ᠂ ᠢᠳᠡᠭᠡᠨ ᠤᠮᠳᠠᠭᠠᠨ ᠢᠶᠠᠨ  ᠴᠢᠩᠭ᠎ᠠ  ᠬᠢᠵᠠᠭᠠᠷᠯᠠᠬᠤ  ᠪᠤᠶᠤ  ᠰᠢᠷᠦᠭᠦᠨ  ᠬᠥᠳᠡᠯᠭᠡᠭᠡᠨ ᠬᠢᠭᠰᠡᠨ ᠤ ᠳᠠᠷᠠᠭ᠎ᠠ ᠤᠭᠤᠷᠠᠭ ᠤᠨ ᠰᠢᠩᠭᠡᠭᠡᠯᠲᠡ ᠪᠠᠭᠠᠰᠴᠤ᠂ ᠡᠭᠦᠨ ᠢ ᠲᠠᠭᠠᠯᠳᠤᠨ ᠥᠭᠡᠬᠦᠨ ᠤᠭᠤᠷᠠᠭ ᠤᠨ ᠨᠡᠶᠢᠯᠡᠮᠠᠯ ᠥᠭᠡᠬᠦ ᠪᠠᠭᠠᠰᠳᠠᠭ᠂ ᠥᠭᠡᠬᠦᠨ ᠤᠭᠤᠷᠠᠭ ᠪᠣᠯ ᠨᠡᠶᠢᠯᠡᠮᠠᠯ ᠥᠭᠡᠬᠦ ᠶᠢ ᠵᠥᠭᠡᠭᠡᠪᠦᠷᠢᠯᠡᠬᠦ ᠴᠢᠬᠤᠯᠠ ᠪᠦᠷᠢᠯᠳᠦᠬᠦᠨ ᠶᠤᠮ᠂ ᠡᠨᠡ ᠲᠠᠯ᠎ᠠ ᠶᠢᠨ ᠪᠣᠳᠠᠰ ᠨᠢ ᠪᠠᠭᠠᠰᠪᠠᠯ ᠡᠯᠢᠭᠡᠨ ᠤ ᠥᠭᠡᠬᠦ ᠶᠢᠨ ᠬᠤᠷᠠᠮᠳᠤᠯ ᠢ  ᠡᠭᠦᠰᠭᠡᠳᠡᠭ  ᠬᠡᠵᠦ  ᠬᠡᠯᠡᠪᠡ᠃  ᠦ᠋  ᠵᠢᠶᠠᠨ  ᠫᠢᠩ᠄  ᠮᠠᠷᠢᠶ᠎ᠠ ᠰᠢᠭᠤᠷᠠᠭᠤᠯᠬᠤ ᠳᠠᠭᠠᠨ ᠳᠡᠩᠳᠡᠭᠦᠦ ᠬᠤᠷᠳᠤᠨ ᠰᠢᠭᠤᠷᠠᠭᠤᠯᠵᠤ ᠪᠣᠯᠬᠤ ᠦᠭᠡᠢ᠂ ᠵᠠᠪᠠᠯ ᠠᠯᠬᠤᠮ  ᠳᠠᠷᠠᠭ᠎ᠠ ᠲᠠᠢ  ᠰᠢᠭᠤᠷᠠᠭᠤᠯᠬᠤ ᠬᠡᠷᠡᠭᠲᠡᠢ ᠬᠡᠵᠦ ᠰᠠᠨᠠᠭᠤᠯᠪᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号