ᠬᠤᠶᠠᠷ ᠬᠡᠮᠵᠢᠯᠳᠦ ᠺᠣᠳ᠋ ᠢ ᠪᠤᠷᠤᠭᠤ ᠰᠢᠷᠪᠢᠵᠦ ᠲᠠᠨᠢᠯ ᠪᠤᠰᠤ ᠬᠥᠮᠦᠨ ᠳᠤ  ᠵᠤᠭᠤᠰ ᠰᠢᠯᠵᠢᠭᠦᠯᠦᠨ ᠥᠭᠭᠦ ᠳᠤ ᠬᠦᠷᠪᠡᠯ ᠡᠨᠡ ᠠᠷᠭ᠎ᠠ ᠪᠠᠷ ᠳᠡᠮᠵᠢᠨ  ᠦᠪᠡᠷ ᠤᠨ ᠢᠶᠠᠨ ᠵᠤᠭᠤᠰ ᠢ ᠪᠤᠴᠠᠭᠠᠨ ᠠᠪᠴᠢᠷᠠᠵᠤ ᠲᠡᠶᠢᠯᠦᠨ᠎ᠡ︕
ᠨᠡᠶᠢᠲᠡᠯᠡᠭᠰᠡᠨ ᠴᠠᠭ᠄
2021/8/29
    ᠣᠳᠣᠬᠠᠨ ᠳᠤ᠂ ᠬᠤᠶᠠᠷ ᠬᠡᠮᠵᠢᠯᠳᠦ ᠺᠣᠳ᠋ ᠢ ᠰᠢᠷᠪᠢᠬᠦ ᠪᠠᠷ ᠳᠡᠮᠵᠢᠨ ᠵᠣᠭᠤᠰ ᠳᠥᠯᠥᠬᠦ᠂  ᠲᠠᠩᠰᠠ  ᠰᠢᠯᠵᠢᠭᠦᠯᠬᠦ ᠨᠢ ᠪᠠᠷᠤᠭ ᠶᠡᠬᠡᠩᠬᠢ ᠲᠣᠭᠠᠴᠠᠭ᠎ᠠ ᠬᠢᠬᠦ ᠶᠠᠪᠤᠳᠠᠯ ᠢ ᠬᠠᠮᠤᠷᠴᠠᠢ᠃ ᠭᠡᠲᠡᠯ᠎ᠡ ᠵᠠᠷᠢᠮ ᠳᠠᠭᠠᠨ ᠪᠣᠯᠭᠤᠮᠵᠢ ᠦᠭᠡᠢ ᠪᠠᠷ  ᠪᠤᠷᠤᠭᠤ  ᠬᠤᠶᠠᠷ ᠬᠡᠮᠵᠢᠯᠳᠦ ᠺᠣᠳ᠋ ᠢ  ᠰᠢᠷᠪᠢᠵᠦ᠂  ᠲᠠᠨᠢᠯ  ᠪᠤᠰᠤ  ᠬᠥᠮᠦᠨ ᠳᠤ  ᠵᠣᠭᠤᠰ  ᠰᠢᠯᠵᠢᠭᠦᠯᠦᠨ  ᠥᠭᠭᠦ ᠳᠤ  ᠬᠦᠷᠪᠡᠯ᠂  ᠶᠠᠭᠠᠬᠢᠵᠦ ᠵᠤᠭᠤᠰ ᠢᠶᠠᠨ ᠪᠤᠴᠠᠭᠠᠨ ᠠᠪᠴᠢᠷᠠᠪᠡᠯ ᠵᠣᠬᠢᠬᠤ ᠪᠤᠢ︖       ᠬᠡᠷᠡᠭ ᠤᠨ ᠪᠠᠶᠢᠳᠠᠯ ᠤᠨ ᠡᠷᠭᠢᠴᠡᠭᠦᠯᠦᠯ     2021 ᠣᠨ ᠤ  ᠡᠬᠢ ᠪᠠᠷ᠂  ᠬᠤᠲᠠ ᠶᠢᠨ  ᠠᠷᠠᠳ  ᠸᠠᠩ  ᠣᠪᠣᠭᠲᠤ  ᠨᠢᠭᠡᠨ  ᠵᠢᠭᠡᠯᠡᠯᠭᠡ ᠶᠢᠨ  ᠺᠣᠮᠫᠠᠨᠢ ᠶᠢᠨ ᠲᠠᠪᠴᠠᠩ ᠳᠤ ᠥᠷᠢᠲᠦᠵᠦ ᠪᠠᠶᠢᠭᠰᠠᠨ 6000 ᠭᠠᠷᠤᠶ ᠲᠥᠭᠦᠷᠢᠭ ᠤᠨ ᠵᠢᠭᠡᠯᠡᠯᠭᠡ ᠪᠠᠨ ᠳᠥᠯᠥᠬᠦ ᠪᠠᠷ ᠺᠣᠮᠫᠠᠨᠢ ᠳᠤ ᠬᠦᠷᠪᠡ᠃ ᠸᠠᠩ ᠣᠪᠣᠭᠲᠤ ᠵᠢᠭᠡᠯᠡᠯᠭᠡ ᠶᠢᠨ ᠺᠣᠮᠫᠠᠨᠢ ᠶᠢᠨ ᠲᠠᠪᠴᠠᠩ ᠳᠡᠭᠡᠷ᠎ᠡ ᠶᠠᠭᠠᠬᠢᠵᠦ ᠲᠡᠰ  ᠲᠠᠷᠠᠭᠠᠯᠠᠯ   ᠢ  ᠠᠵᠢᠯᠯᠠᠭᠤᠯᠬᠤ ᠶᠢ  ᠰᠠᠶᠢᠨ ᠮᠡᠳᠡᠬᠦ ᠦᠭᠡᠢ ᠪᠣᠯᠬᠤᠷ ᠵᠣᠭᠤᠰ ᠢᠶᠠᠨ ᠵᠢᠭᠡᠯᠡᠯᠭᠡ ᠶᠢᠨ ᠺᠣᠮᠫᠠᠨᠢ ᠶᠢᠨ ᠠᠵᠢᠯᠳᠠᠨ ᠵᠧᠦ  ᠣᠪᠣᠭᠲᠤ ᠳᠤ  ᠰᠢᠯᠵᠢᠭᠦᠯᠦᠨ  ᠥᠭᠴᠦ ᠲᠡᠭᠦᠨ ᠢᠶᠠᠷ ᠬᠠᠪᠰᠤᠷᠤᠭᠤᠯᠤᠨ ᠵᠣᠭᠤᠰ ᠢᠶᠠᠨ ᠪᠤᠴᠠᠭᠠᠯᠭᠠᠪᠠ᠃ ᠸᠠᠩ  ᠣᠪᠣᠭᠲᠤ   ᠶᠢᠨ  6000  ᠭᠠᠷᠤᠶ  ᠲᠥᠭᠦᠷᠢᠭ ᠤᠨ ᠰᠢᠯᠵᠢᠭᠦᠯᠦᠭᠰᠡᠨ ᠵᠤᠭᠤᠰ ᠢ ᠤᠯᠤᠬᠰᠠᠨ ᠤ ᠳᠠᠷᠠᠭ᠎ᠠ᠂ ᠵᠧᠤ ᠣᠪᠣᠭᠲᠤ  ᠵᠣᠴᠢᠨ  ᠡᠷᠦᠬᠡ ᠶᠢᠨ  ᠵᠣᠭᠤᠰ  ᠪᠤᠴᠠᠭᠠᠬᠤ  ᠬᠤᠶᠠᠷ ᠬᠡᠮᠵᠢᠯᠳᠦ ᠺᠣᠳ᠋ ᠢ ︽ᠳᠠᠳᠮᠠᠭᠠᠶ︾ ᠰᠢᠷᠪᠢᠵᠦ᠂ ᠵᠣᠭᠤᠰ ᠢ ᠵᠢᠭᠡᠯᠡᠯᠭᠡ ᠶᠢᠨ ᠲᠠᠪᠴᠠᠩ ᠳᠤ ᠰᠢᠯᠵᠢᠭᠦᠯᠦᠨ ᠣᠷᠣᠭᠤᠯᠵᠠᠶ᠃     ᠭᠡᠲᠡᠯ᠎ᠡ ᠳᠡᠮᠡᠢ ᠤᠳᠠᠭᠰᠠᠨ ᠦᠭᠡᠢ ᠸᠠᠩ ᠣᠪᠣᠭᠲᠤ  ᠵᠣᠭᠤᠰ  ᠪᠤᠴᠠᠭᠠᠬᠤ  ᠰᠢᠰᠲ᠋ᠧᠮ ᠠᠴᠠ ᠥᠪᠡᠷ ᠤᠨ  ᠳᠠᠩᠰᠠᠨ ᠡᠷᠦᠬᠡ ᠳᠤᠨᠢ ᠵᠤᠭᠤᠰ ᠤᠷᠤᠵᠤ ᠢᠷᠡᠭᠰᠡᠨ ᠦᠭᠡᠢ ᠶᠢ ᠣᠯᠵᠤ ᠮᠡᠳᠡᠵᠡᠢ᠃ ᠲᠡᠭᠡᠭᠡᠳ ᠲᠡᠷᠡ ᠬᠤᠶᠠᠭᠤᠯᠠ ᠨᠠᠷᠢᠨ ᠬᠠᠷᠭᠤᠭᠤᠯᠵᠤ ᠦᠵᠡᠭᠰᠡᠨ ᠤ ᠲᠠᠷᠠᠭ᠎ᠠ᠂ ᠵᠧᠦ ᠣᠪᠣᠭᠲᠤ ᠡᠴᠦᠰ ᠲᠡᠭᠡᠨ ᠬᠤᠶᠠᠷ ᠬᠡᠮᠵᠢᠯᠳᠦ ᠺᠣᠳ᠋ ᠢ ᠪᠤᠷᠤᠭᠤ ᠰᠢᠷᠪᠢᠭᠡᠳ  ᠪᠤᠷᠤᠭᠤ  ᠲᠠᠩᠰᠠ ᠰᠢᠯᠵᠢᠭᠦᠯᠦᠭᠰᠡᠨ ᠢᠶᠠᠨ ᠣᠯᠵᠤ ᠮᠡᠳᠡᠵᠡᠢ᠃        ᠥᠪᠡᠷ ᠤᠨ ᠬᠢᠨᠢ ᠠᠯᠳᠠᠰᠢ ᠠᠴᠠ ᠪᠤᠯᠵᠤ ᠸᠠᠩ ᠣᠪᠣᠭᠲᠤ ᠬᠤᠬᠢᠷᠠᠯ ᠤᠴᠠᠷᠠᠬᠰᠠᠨ  ᠪᠤᠯᠬᠤᠷ  ᠵᠣᠴᠢᠨ  ᠡᠷᠤᠭᠡ ᠳᠤ ᠤᠴᠢᠷ ᠶᠠᠪᠤᠳᠠᠯ ᠢ ᠤᠶᠢᠯᠠᠭᠠᠭᠤᠯᠬᠤ ᠶᠢᠨ ᠲᠤᠰᠠᠳᠠ᠂ ᠵᠧᠦ ᠣᠪᠣᠭᠲᠤ ᠠᠷᠭ᠎ᠠ ᠪᠤᠰᠤ ᠥᠪᠡᠷ ᠢᠶᠠᠨ  ᠮᠥᠩᠭᠦ  ᠭᠠᠷᠭᠠᠵᠤ  ᠸᠠᠩ ᠣᠪᠣᠭᠲᠤ ᠶᠢᠨ ᠪᠤᠴᠠᠭᠠᠭᠰᠠᠨ ᠵᠣᠭᠤᠰ ᠢ ᠨᠥᠬᠦᠪᠥᠷᠢᠯᠡᠵᠦ ᠦᠭᠪᠡ᠃ ᠬᠡᠷᠡᠭ ᠤᠨ ᠲᠠᠷᠠᠭ᠎ᠠ᠂ ᠵᠣᠴᠢᠨ ᠡᠷᠤᠭᠡ ᠯᠢ ᠣᠪᠣᠭᠲᠤ ᠶᠢ ᠯᠠᠪᠲᠠᠢ ᠣᠶᠢᠯᠠᠭᠠᠵᠤ ᠴᠢᠳᠠᠬᠤ ᠪᠥᠭᠡᠳ ᠪᠤᠷᠤᠭᠤ ᠶᠠᠪᠤᠭᠤᠯᠤᠬᠰᠠᠨ ᠵᠣᠭᠤᠰ ᠢ ᠬᠡᠪ ᠤᠨ ᠶᠣᠰᠣᠭᠠᠷ ᠯᠠᠪᠲᠠᠢ ᠪᠤᠴᠠᠭᠠᠵᠤ ᠦᠭᠦᠨ᠎ᠠ ᠭᠡᠵᠦ ᠵᠧᠦ ᠣᠪᠣᠭᠲᠤ ᠳᠣᠲᠣᠷ᠎ᠠ ᠪᠠᠨ ᠪᠤᠳᠤᠵᠠᠢ᠃     ᠭᠡᠲᠡᠯ᠎ᠡ ᠯᠢ  ᠣᠪᠣᠭᠲᠤ  ᠲᠡᠭᠦᠨ ᠤ  ᠰᠠᠨᠠᠭᠠᠨ ᠠᠴᠠ  ᠭᠠᠳᠠᠭᠤᠷ  ᠡᠯᠳᠡᠪ  ᠵᠦᠢᠯ ᠤᠨ  ᠰᠢᠯᠲᠠᠭᠠᠨ  ᠬᠡᠯᠡᠵᠦ  ᠵᠧᠦ ᠣᠪᠣᠭᠲᠤ ᠶᠢᠨ ᠭᠤᠶᠤᠴᠢᠯᠠᠯ ᠢ ᠲᠡᠪᠴᠢᠵᠦ᠄ ︽ᠮᠢᠨᠦ  ᠲᠠᠩᠰᠠᠨ  ᠡᠷᠦᠭᠡ ᠳᠤ  ᠦᠨᠡᠬᠡᠷ  ᠨᠢᠭᠡ  ᠪᠦᠯᠦᠭ  ᠵᠣᠭᠤᠰ  ᠤᠷᠤᠵᠤ ᠢᠷᠡᠭᠰᠡᠨ ᠢ ᠪᠢ ᠮᠡᠳᠡᠷᠡᠨ᠎ᠡ᠂ ᠭᠡᠪᠡᠴᠦ ᠪᠢ ᠭᠠᠷᠭᠠᠵᠤ ᠠᠪᠤᠭᠰᠠᠨ ᠦᠭᠡᠢ᠃ ᠵᠢᠭᠡᠯᠡᠯᠭᠡ ᠶᠢᠨ ᠲᠠᠪᠴᠠᠩ ᠨᠢ ᠡᠨᠡ ᠵᠣᠭᠤᠰ ᠢ ᠮᠢᠨᠦ ᠪᠤᠴᠠᠭᠠᠬᠤ ᠵᠣᠭᠤᠰ ᠪᠤᠯᠭᠠᠨ ᠬᠠᠰᠤᠪᠠ᠂ ᠴᠢ ᠵᠢᠭᠡᠯᠡᠯᠭᠡ ᠶᠢᠨ ᠲᠠᠪᠴᠠᠩ ᠢ  ᠡᠷᠢᠬᠦ ᠪᠠᠷ  ᠤᠴᠢ︾  ᠬᠡᠮᠡᠨ‌‍ᠲ᠋ᠡᠭᠦᠨ ᠤ  ᠵᠤᠭᠤᠰ ᠢ ᠪᠤᠴᠠᠭᠠᠬᠰᠠᠨ ᠦᠭᠡᠢ᠃      ᠵᠣᠭᠤᠰ ᠪᠤᠴᠠᠭᠠᠯᠭᠠᠬᠤ ᠭᠤᠶᠤᠴᠢᠯᠠᠯ ᠢ ᠨᠢ ᠯᠢ  ᠣᠪᠣᠭᠲᠤ  ᠤᠳᠠᠭ᠎ᠠ  ᠲᠠᠷᠠᠭ᠎ᠠ ᠪᠠᠷ  ᠲᠡᠪᠴᠢᠭᠰᠡᠨ  ᠪᠣᠯᠬᠤᠷ  ᠵᠧᠦ ᠣᠪᠣᠭᠲᠤ ᠠᠷᠭ᠎ᠠ ᠪᠤᠰᠤ ᠴᠦᠩᠴᠢᠩ ᠬᠤᠳᠠ ᠶᠢᠨ ᠵᠢᠶᠠᠩ ᠶᠢᠨ ᠲᠣᠭᠤᠷᠢᠭ ᠤᠨ ᠠᠷᠠᠳ ᠤᠨ ᠰᠢᠭᠦᠬᠦ  ᠬᠤᠷᠢᠶᠠᠨ ᠳᠤ  ᠠᠯᠪᠠᠨ ᠵᠠᠭᠠᠯᠳᠤᠯᠭ᠎ᠠ ᠭᠠᠷᠭᠠᠪᠠ᠃ ︵ᠵᠣᠬᠢᠶᠠᠯ ᠳᠠᠬᠢ ᠲᠤᠬᠠᠶ ᠶᠢᠨ ᠬᠥᠮᠦᠨ ᠤ ᠨᠠᠷ᠎ᠠ ᠨᠢ ᠴᠥᠮ ᠨᠢᠭᠤᠴᠠᠯᠠᠭᠰᠠᠨ ᠨᠡᠷ᠎ᠡ ᠪᠤᠯᠤᠨ᠎ᠠ︶᠃    ᠰᠢᠭᠦᠬᠦ ᠬᠤᠷᠢᠶᠠᠨ ᠤ ᠰᠢᠭᠦᠨ ᠲᠠᠰᠤᠯᠤᠯᠲᠠ      ᠢᠷᠭᠡᠨ ᠤ ᠬᠠᠤᠯᠢ ᠶᠢᠨ ᠪᠢᠴᠢᠭ ᠤᠨ ᠶᠢᠰᠦᠨ ᠵᠠᠭᠤ ᠨᠠᠶᠠᠨ ᠲᠠᠪᠤᠳᠤᠭᠠᠷ ᠵᠦᠢᠯ ᠤᠨ ᠲᠣᠭᠲᠠᠭᠠᠯ ᠢ  ᠦᠨᠳᠦᠰᠦᠯᠡᠪᠡᠯ᠂ ᠠᠰᠢᠭ ᠬᠦᠷᠳᠡᠭᠴᠢ ᠨᠢ ᠬᠠᠤᠯᠢ ᠴᠠᠭᠠᠵᠠ ᠶᠢᠨ ᠦᠨᠳᠦᠰᠦ ᠪᠠᠷᠢᠮᠲᠠ ᠦᠭᠡᠢ ᠪᠠᠷ ᠵᠦᠢ ᠶᠤᠰᠤᠨ ᠤ ᠪᠤᠰᠤ  ᠠᠰᠢᠭ  ᠣᠯᠤᠭᠰᠠᠨ ᠪᠠᠶᠢᠪᠠᠯ᠂ ᠬᠤᠬᠢᠷᠠᠯ ᠠᠮᠰᠠᠭᠰᠠᠨ ᠬᠥᠮᠦᠨ ᠨᠢ ᠠᠰᠢᠭ ᠬᠦᠷᠳᠡᠭᠴᠢ ᠶᠢᠨ ᠣᠯᠤᠭᠰᠠᠨ ᠠᠰᠢᠭ ᠢ ᠪᠤᠴᠠᠭᠠᠯᠭᠠᠬᠤ ᠪᠠᠷ ᠭᠤᠶᠤᠴᠢᠯᠠᠵᠤ ᠪᠣᠯᠤᠨ᠎ᠠ᠃       ᠲᠤᠰ ᠬᠡᠷᠡᠭ ᠲᠤ᠂ ᠵᠧᠦ ᠣᠪᠣᠭᠲᠤ ᠶᠢᠨ ᠯᠢ ᠣᠪᠣᠭᠲᠤ ᠶᠢᠨ ᠵᠢᠭᠡᠯᠡᠯᠭᠡ ᠶᠢᠨ ᠲᠠᠪᠴᠠᠩ ᠤᠨ  ᠲᠠᠩᠰᠠᠨ  ᠡᠷᠦᠭᠡ ᠳᠤ ᠵᠣᠭᠤᠰ ᠤᠷᠤᠭᠤᠯᠤᠬᠰᠠᠨ ᠤ ᠰᠢᠯᠲᠠᠭᠠᠨ ᠨᠢ ᠬᠤᠶᠠᠷ ᠬᠡᠮᠵᠢᠯᠳᠦ ᠺᠣᠳ᠋ ᠢ ᠪᠤᠷᠤᠭᠤ ᠰᠢᠷᠪᠢᠭᠰᠡᠨ ᠠᠴᠠ ᠪᠣᠯᠵᠠᠢ᠂ ᠡᠶᠢᠮᠦ ᠠᠴᠠ ᠯᠢ ᠣᠪᠣᠭᠲᠤ ᠶᠢᠨ ᠣᠯᠤᠭᠰᠠᠨ ᠠᠰᠢᠭ ᠨᠢ ᠬᠠᠤᠯᠢ ᠴᠠᠭᠠᠵᠠ ᠶᠢᠨ ᠦᠨᠳᠦᠰᠦ ᠪᠠᠷᠢᠮᠲᠠ ᠦᠭᠡᠢ᠃  ᠵᠢᠭᠡᠯᠡᠯᠭᠡ ᠶᠢᠨ  ᠲᠠᠪᠴᠠᠩ ᠤᠨ ᠯᠢ ᠣᠪᠣᠭᠲᠤ ᠶᠢᠨ ᠲᠠᠩᠰᠠᠨ ᠠᠴᠠ ᠰᠠᠷ᠎ᠠ ᠪᠠᠷ ᠰᠠᠭᠤᠯᠭᠠᠨ  ᠠᠪᠤᠭᠰᠠᠨ  ᠵᠣᠭᠤᠰ ᠢ  ᠯᠢ  ᠣᠪᠣᠭᠲᠤ  ᠥᠪᠡᠷ ᠢᠶᠠᠨ  ᠵᠤᠭᠤᠰ ᠭᠠᠷᠭᠠᠵᠤ ᠪᠤᠴᠠᠭᠠᠪᠠᠯ ᠵᠣᠬᠢᠨ᠎ᠠ᠂ ᠡᠳ᠋  ᠭᠦᠷᠦᠩᠭᠡ ᠶᠢᠨ  ᠪᠦᠭᠦ  ᠲᠤᠭ᠎ᠠ ᠨᠢ  ᠬᠠᠰᠤᠭᠳᠠᠬᠤ  ᠶᠣᠰᠣᠲᠠᠢ  ᠪᠠᠶᠢᠲᠠᠯ᠎ᠠ  ᠲᠠᠩᠰᠠᠨ ᠡᠷᠦᠭᠡ ᠳᠤ ᠪᠤᠷᠤᠭᠤ ᠤᠷᠤᠭᠰᠠᠨ ᠵᠣᠭᠤᠰ ᠢ  ᠥᠪᠡᠷ ᠢᠶᠠᠨ  ᠪᠤᠴᠠᠭᠠᠬᠤ  ᠡᠭᠦᠷᠭᠡ ᠪᠠᠨ  ᠪᠣᠳᠠᠲᠠᠢ  ᠭᠦᠢᠴᠡᠳᠬᠡᠭᠰᠡᠨ  ᠦᠭᠡᠢ ᠮᠥᠷᠲᠡᠭᠡᠨ ᠬᠡᠯᠪᠡᠷᠢ ᠶᠢ ᠨᠢ ᠥᠭᠡᠷᠡᠲᠦᠭᠦᠯᠦᠨ ᠥᠪᠡᠷ ᠤᠨ ᠡᠳ᠋  ᠭᠦᠷᠦᠩᠭᠡ ᠶᠢᠨ ᠢᠶᠠᠨ  ᠪᠦᠭᠦ  ᠲᠤᠭ᠎ᠠ ᠶᠢ  ᠨᠡᠮᠡᠭᠳᠡᠭᠦᠯᠦᠭᠰᠡᠨ ᠶᠠᠪᠤᠳᠠᠯ ᠪᠤᠯᠵᠠᠢ᠃ ᠡᠭᠦᠨ ᠠᠴᠠ ᠪᠤᠯᠵᠤ ᠵᠧᠦ ᠣᠪᠣᠭᠲᠤ ᠬᠤᠬᠢᠷᠠᠯ ᠳᠤ ᠤᠴᠠᠷᠠᠵᠤ᠂ ᠯᠢ ᠣᠪᠣᠭᠲᠤ ᠵᠦᠢ  ᠶᠤᠰᠤᠨ ᠤ  ᠪᠤᠰᠤ ᠠᠰᠢᠭ ᠣᠯᠤᠬᠰᠠᠨ ᠪᠠᠶᠢᠨ᠎ᠠ᠂ ᠡᠶᠢᠮᠦ ᠠᠴᠠ ᠯᠢ ᠣᠪᠣᠭᠲᠤ ᠲᠠᠩᠰᠠᠨ  ᠡᠷᠦᠭᠡ ᠳᠤᠨᠢ  ᠪᠤᠷᠤᠭᠤ  ᠤᠷᠤᠭᠰᠠᠨ  ᠵᠣᠭᠤᠰ ᠢ  ᠵᠧᠦ ᠣᠪᠣᠭᠲᠤ ᠳᠤ ᠪᠤᠴᠠᠭᠠᠬᠤ ᠬᠡᠷᠡᠭᠲᠡᠢ ᠬᠡᠪᠡ᠃     ᠯᠢ ᠣᠪᠣᠭᠲᠤ ᠶᠢᠨ ᠵᠦᠢ ᠶᠤᠰᠤᠨ ᠤ ᠪᠤᠰᠤ ᠠᠰᠢᠭ ᠢ ᠪᠤᠴᠠᠭᠠᠯᠭᠠᠬᠤ ᠪᠠᠷ  ᠭᠤᠶᠤᠴᠢᠯᠠᠬᠰᠠᠨ  ᠵᠧᠦ  ᠣᠪᠣᠭᠲᠤ ᠶᠢᠨ ᠵᠠᠷᠭᠤ ᠶᠢᠨ ᠭᠤᠶᠤᠴᠢᠯᠠᠯ ᠢ  ᠰᠢᠭᠦᠬᠦ  ᠬᠤᠷᠢᠶ᠎ᠠ  ᠲᠡᠮᠵᠢᠪᠡ᠃  ᠲᠤᠰ  ᠬᠡᠷᠡᠭ ᠤᠨ  ᠲᠠᠰᠤᠯᠤᠯᠲᠠ ᠨᠢ  ᠣᠶᠢᠷ᠎ᠠ ᠳᠤ  ᠨᠢᠭᠡᠨᠲᠡ ᠬᠦᠴᠦᠨ ᠲᠠᠢ ᠪᠣᠯᠵᠠᠶ᠃       ᠪᠣᠯᠭᠤᠮᠵᠢ ᠦᠭᠡᠢ ᠠᠴᠠ ᠪᠣᠯᠵᠤ ᠪᠤᠷᠤᠭᠤ ᠳᠠᠩᠰᠠ ᠰᠢᠯᠵᠢᠬᠦᠯᠦᠭᠰᠡᠨ ᠵᠤᠭᠤᠰ᠂ ᠵᠦᠢ ᠶᠤᠰᠤᠨ ᠤ  ᠪᠤᠰᠤ  ᠠᠰᠢᠭ ᠢ ᠡᠷᠬᠡᠪᠰᠢ ᠪᠤᠴᠠᠭᠠᠬᠤ ᠬᠡᠷᠡᠭᠳᠡᠢ᠃ ᠠᠮᠢᠳᠤᠷᠠᠯ ᠳᠤᠮᠳᠠ ᠬᠡᠷᠪᠡ ᠳᠡᠭᠡᠷ᠎ᠡ ᠳᠤᠷᠠᠳᠤᠭᠰᠠᠨ ᠬᠡᠷᠡᠭ ᠰᠢᠭ ᠡᠶᠢᠮᠦ ᠪᠠᠶᠢᠳᠠᠯ ᠭᠠᠷᠬᠤ ᠳᠤ ᠬᠦᠷᠪᠡᠯ᠂ ᠬᠤᠶᠠᠷ ᠲᠠᠯ᠎ᠠ ᠶᠢᠨ ᠲᠤᠬᠠᠢ ᠶᠢᠨ  ᠬᠥᠮᠦᠨ ᠨᠢ  ᠵᠣᠭᠤᠰ  ᠪᠤᠷᠤᠭᠤ  ᠶᠠᠪᠤᠭᠤᠯᠤᠬᠰᠠᠨ ᠢ  ᠤᠯᠵᠤ  ᠮᠡᠳᠡᠭᠡᠳ  ᠴᠠᠭ ᠲᠤᠬᠠᠢ ᠳᠤᠨᠢ ᠪᠤᠴᠠᠭᠠᠪᠡᠯ  ᠶᠠᠷᠢᠶᠠᠨ  ᠦᠭᠡᠢ  ᠬᠠᠮᠤᠭ ᠤᠨ  ᠰᠠᠶᠢᠨ  ᠶᠠᠪᠤᠳᠠᠯ  ᠪᠤᠯᠬᠤ  ᠶᠤᠮ᠃  ᠬᠡᠷᠪᠡ  ᠨᠢᠭᠡ  ᠲᠠᠯ᠎ᠠ ᠨᠢ ︽ᠵᠤᠭᠤᠰᠤᠨ ᠳᠤ ᠰᠢᠨᠤᠵᠤ︾ ᠵᠤᠭᠤᠰ ᠢ ᠪᠤᠴᠠᠭᠠᠬᠤ ᠶᠢ ᠲᠡᠪᠴᠢᠬᠦ ᠳᠤ ᠬᠦᠷᠪᠡᠯ᠂ ᠨᠦᠬᠦᠭᠡ ᠲᠠᠯ᠎ᠠ ᠨᠢ ᠢᠷᠭᠡᠨ ᠤ  ᠬᠠᠤᠯᠢ ᠶᠢᠨ ᠪᠢᠴᠢᠭ ᠤᠨ ︽ᠵᠦᠢ ᠶᠤᠰᠤᠨ ᠤ  ᠪᠤᠰᠤ  ᠠᠰᠢᠭ︾  ᠭᠡᠬᠦ  ᠵᠦᠢᠯ  ᠵᠤᠷᠪᠤᠰ ᠢᠶᠠᠷ  ᠥᠪᠡᠷ ᠤᠨ  ᠬᠠᠤᠯᠢ  ᠶᠣᠰᠣᠨ ᠤ  ᠡᠷᠬᠡ ᠠᠰᠢᠭ ᠢᠶᠠᠨ ᠬᠠᠮᠠᠭᠠᠯᠠᠬᠤ ᠭᠡᠷᠡᠭᠳᠡᠢ᠃      ᠰᠠᠨᠠᠭᠤᠯᠤᠮᠵᠢ︕      ᠳᠠᠩᠰᠠ ᠰᠢᠯᠵᠢᠭᠦᠯᠵᠦ ᠵᠣᠭᠤᠰ ᠭᠤᠪᠢᠭᠤᠯᠬᠤ ᠳᠠᠭᠠᠨ ᠡᠷᠬᠡᠪᠰᠢ ᠳᠠᠩᠰᠠ  ᠰᠢᠯᠵᠢᠭᠦᠯᠦᠭᠰᠡᠨ  ᠵᠣᠭᠤᠰ ᠤᠨ  ᠲᠤᠭ᠎ᠠ᠂ ᠵᠣᠭᠤᠰ ᠬᠤᠷᠢᠶᠠᠭᠴᠢ ᠶᠢᠨ ᠣᠪᠣᠭ ᠨᠡᠷ᠎ᠡ᠂ ᠪᠡᠶ᠎ᠡ ᠶᠢᠨ ᠦᠨᠡᠮᠯᠡᠯ᠂ ᠳᠠᠩᠰᠠᠨ ᠡᠷᠦᠬᠡ ᠵᠡᠷᠭᠡ ᠪᠡᠶ᠎ᠡ ᠬᠡᠮ ᠤᠨ ᠮᠡᠳᠡᠭᠡ  ᠵᠠᠩᠭᠢ ᠶᠢ ᠨᠠᠷᠢᠨ ᠨᠢᠮᠪᠠᠶ ᠬᠠᠷᠭᠤᠭᠤᠯᠵᠤ᠂ ᠠᠯᠳᠠᠭ᠎ᠠ ᠦᠭᠡᠢ ᠶᠢ ᠨᠤᠲᠠᠯᠠᠭᠰᠠᠨ ᠤ ᠳᠠᠷᠠᠭ᠎ᠠ ᠰᠠᠶ᠋ᠢ  ᠶᠠᠪᠤᠭᠤᠯᠪᠠᠯ  ᠠᠶᠤᠯ  ᠲᠦᠭᠰᠢᠭᠦᠷᠢ ᠶᠢ ᠠᠯᠢ ᠴᠢᠳᠠᠬᠤ ᠪᠠᠷ ᠪᠠᠭᠠᠰᠬᠠᠵᠤ ᠴᠢᠳᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号