ᠡᠷ᠎ᠡ ᠨᠢ ᠦᠭᠦᠭᠰᠡᠨ ᠪᠠᠷᠢ ᠬᠠᠳᠠᠮ ᠡᠴᠢᠭᠡ ᠡᠭᠡ ᠶᠢᠨ ᠢᠶᠠᠨ ᠥᠪ ᠬᠥᠷᠤᠩᠭᠡ ᠶᠢ ᠵᠠᠯᠭᠠᠮᠵᠢᠯᠠᠵᠤ ᠪᠣᠯᠬᠤ ᠦᠦ︖
ᠨᠡᠶᠢᠲᠡᠯᠡᠭᠰᠡᠨ ᠴᠠᠭ᠄
2022/10/25
       ᠬᠡᠷᠡᠭ ᠤᠨ ᠵᠢᠱᠢᠶ᠎ᠡ                ᠵᠠᠩ ᠠᠪᠤᠭᠠᠢ ᠪᠠ ᠯᠢ ᠬᠠᠲᠤᠭᠲᠠᠶ ᠨᠢᠭᠡ ᠬᠦᠦ᠂ ᠳᠥᠷᠪᠡᠨ ᠥᠬᠢᠨ ᠲᠠᠢ᠃ ᠬᠦᠦ ᠨᠢ ᠵᠣᠯ ᠪᠤᠰᠤ ᠪᠠᠷ ᠨᠠᠰᠤ ᠪᠠᠷᠠᠵᠠᠢ᠂ ᠲᠡᠭᠦᠨ ᠠᠴᠠ ᠰᠡᠭᠦᠯᠡᠷ ᠬᠤᠶᠠᠷ ᠨᠠᠰᠤᠲᠠᠨ ᠶᠡᠷᠦ ᠨᠢ ᠬᠦᠦ ᠪᠡᠷᠢ ᠸᠠᠩ ᠣᠪᠣᠭᠲᠤ ᠪᠠ ᠣᠮᠪᠣᠯᠣ  ᠥᠬᠢᠨ  ᠵᠠᠩ‌ᠣᠪᠣᠭᠲᠤ ᠲᠠᠢ ᠪᠠᠨ ᠬᠠᠮᠲᠤ ᠬᠤᠶᠠᠷ ᠨᠠᠰᠤᠲᠠᠨ ᠤ ᠥᠮᠴᠢᠯᠡᠵᠦ  ᠪᠠᠶᠢᠭ᠎ᠠ ᠨᠢᠭᠡᠨ ᠰᠠᠭᠤᠭᠠᠯᠢ  ᠲᠣᠭᠤᠷᠢᠭ ᠤᠨ  ᠭᠡᠷ ᠲᠤ᠋‌ᠠᠮᠢᠳᠤᠷᠠᠵᠤ ᠪᠠᠶᠢᠪᠠ᠃ 10 ᠵᠢᠯ ᠤᠨ ᠲᠠᠷᠠᠭ᠎ᠠ᠂ ᠵᠠᠩ ᠠᠪᠤᠭᠠᠢ ᠪᠣᠯᠤᠨ ᠯᠢ ᠬᠠᠲᠤᠭᠲᠠᠶ ᠬᠤᠶᠢᠨ᠎ᠠ ᠬᠤᠶᠢᠨ᠎ᠠ ᠠᠴᠠ ᠪᠠᠨ ᠨᠠᠰᠤ‌‍ᠪᠠᠷᠠᠵᠤ᠂ ᠲᠤᠰ ᠭᠡᠷ ᠪᠠᠶᠢᠰᠢᠩ ᠢ ᠦᠯᠡᠳᠡᠭᠡᠵᠡᠶ᠃ ᠬᠤᠶᠠᠷ ᠨᠠᠰᠤᠲᠠᠨ ᠤ ᠲᠦᠷᠪᠡᠨ ᠥᠬᠢᠨ ᠨᠢ ᠲᠤᠰ ᠥᠪ  ᠬᠥᠷᠤᠩᠭᠡ ᠶᠢ ᠡᠭᠡᠴᠢ ᠳᠡᠭᠦᠦ ᠲᠦᠷᠪᠡᠭᠦᠯᠡ ᠲᠦᠷᠪᠡᠨ ᠲᠡᠭᠰᠢ ᠪᠠᠷ ᠬᠤᠪᠢᠶᠠᠬᠤ  ᠶᠤᠰᠤᠲᠠᠢ ᠭᠡᠵᠦ ᠦᠵᠡᠭᠡᠳ  ᠸᠠᠩ  ᠣᠪᠣᠭᠲᠤ ᠶᠢ ᠠᠯᠢ ᠲᠦᠷᠭᠡᠨ ᠢᠶᠠᠷ ᠨᠡᠭᠦᠵᠦ ᠶᠠᠪᠤᠬᠤ ᠶᠢ ᠱᠠᠭᠠᠷᠳᠠᠪᠠ᠂ ᠸᠠᠩ ᠣᠪᠣᠭᠲᠤ ᠬᠤᠶᠠᠷ ᠨᠠᠰᠤᠲᠠᠨ ᠤ ᠠᠮᠢᠳᠤ ᠪᠠᠶᠢᠬᠤ  ᠳᠤᠨᠢ  ᠠᠴᠢᠯᠠᠨ‌‍ᠲ᠋ᠡᠵᠢᠭᠡᠬᠦ ᠭᠤᠣᠯ ᠡᠭᠦᠷᠭᠡ ᠶᠢ ᠭᠦᠢᠴᠡᠳᠬᠡᠭᠰᠡᠨ ᠪᠣᠯᠬᠤᠷ ᠬᠤᠶᠠᠷ ᠨᠠᠰᠤᠲᠠᠨ ᠤ ᠥᠪ ᠬᠥᠷᠤᠩᠭᠡ ᠶᠢ ᠬᠤᠪᠢᠶᠠᠨ ᠤᠯᠬᠤ‌‍ᠶᠣᠰᠣᠲᠠᠢ ᠭᠡᠵᠦ ᠳᠤᠷᠠᠳᠪᠠ᠃ ᠸᠠᠩ ᠣᠪᠣᠭᠲᠤ ᠶᠢᠨ ᠱᠠᠭᠠᠷᠳᠠᠯᠭ᠎ᠠ ᠬᠠᠤᠯᠢ ᠳᠤ ᠨᠡᠶᠢᠴᠡᠨ᠎ᠡ ᠦᠦ︖             ᠬᠠᠤᠯᠢ ᠢᠶᠠᠷ ᠲᠠᠶᠢᠯᠪᠤᠷᠢᠯᠠᠬᠤ ᠨᠢ               ᠶᠣᠰᠣᠨ ᠳᠤ ᠨᠡᠶᠢᠴᠡᠨ᠎ᠡ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠬᠤᠷᠢ  ᠶᠢᠰᠦᠳᠦᠭᠡᠷ ᠵᠦᠢᠯ ᠳᠤ᠂ ᠡᠷ᠎ᠡ ᠨᠢ ᠦᠭᠦᠭᠰᠡᠨ ᠪᠡᠷᠢ ᠬᠠᠳᠠᠮ ᠡᠴᠢᠭᠡ ᠡᠭᠡ ᠳᠡᠭᠡᠨ᠂ ᠡᠮ᠎ᠡ ᠨᠢ  ᠦᠭᠦᠭᠰᠡᠨ ᠬᠦᠷᠭᠡ᠊  ᠬᠠᠳᠠᠮ ᠡᠴᠢᠭᠡ ᠡᠭᠡ ᠳᠡᠭᠡᠨ ᠠᠴᠢᠯᠠᠨ‌‍ᠲ᠋ᠡᠵᠢᠭᠡᠬᠦ ᠭᠤᠣᠯ ᠡᠭᠦᠷᠭᠡ ᠪᠠᠨ ᠭᠦᠢᠴᠡᠳᠬᠡᠭᠰᠡᠨ ᠪᠠᠶᠢᠪᠠᠯ᠂ ᠨᠢᠭᠡᠳᠦᠭᠡᠷ ᠳᠡᠰ ᠳᠠᠷᠠᠭᠠᠯᠠᠯ ᠤᠨ ᠥᠪ  ᠵᠠᠯᠭᠠᠮᠵᠢᠯᠠᠭᠴᠢ  ᠪᠣᠯᠤᠨ᠎ᠠ ᠭᠡᠵᠦ ᠲᠣᠭᠲᠠᠭᠠᠵᠠᠢ᠃    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号