ᠭᠡᠷᠢᠶᠡᠰ ᠦᠯᠡᠳᠡᠭᠡᠭᠴᠢ ᠤᠯᠠᠨ ᠬᠤᠪᠢ ᠭᠡᠷᠢᠶᠡᠰ ᠦᠯᠡᠳᠡᠭᠡᠭᠰᠡᠨ ᠪᠠᠶᠢᠪᠠᠯ ᠠᠯᠢ ᠪᠠᠷ ᠨᠢ ᠪᠠᠷᠢᠮᠵᠢᠶ᠎ᠠ ᠪᠣᠯᠭᠠᠬᠤ  ᠪᠤᠢ︖
ᠨᠡᠶᠢᠲᠡᠯᠡᠭᠰᠡᠨ ᠴᠠᠭ᠄
2022/10/25
      ᠬᠡᠷᠡᠭ ᠤᠨ ᠵᠢᠱᠢᠶ᠎ᠡ               ᠯᠢ ᠨᠠᠰᠤᠲᠠᠨ ᠭᠡᠷᠢᠶᠡᠰ ᠦᠯᠡᠳᠡᠭᠡᠵᠦ᠂ ᠬᠤᠶᠠᠷ ᠢᠵᠢ ᠭᠡᠷ ᠬᠥᠷᠤᠩᠭᠡ ᠶᠢ ᠭᠡᠷ ᠦᠭᠡᠢ  ᠭᠤᠷᠪᠠᠳᠤᠭᠠᠷ ᠬᠦᠦ ᠳ᠋ᠡᠭᠡᠨ‌ᠥᠭᠴᠦ᠂ ᠦᠯᠡᠳᠡᠭᠰᠡᠨ ᠬᠤᠶᠠᠷ ᠢᠵᠢ ᠭᠡᠷ ᠢ ᠲᠤᠮᠤ  ᠬᠦᠦ ᠪᠣᠯᠤᠨ ᠬᠤᠶᠠᠳᠤᠭᠠᠷ ᠬᠦᠦ  ᠳᠡᠭᠡᠨ ᠲᠤᠰᠪᠤᠷᠢ ᠨᠢᠭᠡ ᠵᠢ‌ᠦᠯᠡᠳᠡᠭᠡᠬᠦ ᠪᠠᠷ ᠭᠡᠷᠢᠶᠡᠰ ᠲᠤ ᠠᠯᠪᠠᠨ ᠭᠡᠷᠡᠴᠢᠯᠡᠭᠡ ᠬᠢᠯᠭᠡᠪᠡ᠃ ᠶᠡᠭᠡ ᠬᠦᠦ ᠨᠢ ᠳᠤᠷ᠎ᠠ ᠦᠭᠡᠶᠢᠴᠡᠵᠦ᠂  ᠨᠠᠰᠤᠲᠠᠨ ᠵᠶ᠋ᠠᠨ‌ᠡᠷᠭᠢᠵᠦ ᠦᠵᠡᠬᠦ ᠦᠭᠡᠢ ᠠᠴᠢᠯᠠᠨ ᠲᠡᠵᠢᠭᠡᠬᠦ ᠵᠠᠷᠤᠳᠠᠯ ᠴᠤ ᠥᠭᠬᠦ ᠦᠭᠡᠢ ᠪᠣᠯᠪᠠ᠃ ᠯᠢ ᠨᠠᠰᠤᠲᠠᠨ ᠠᠭᠤᠷᠯᠠᠬᠤ ᠳ᠋ᠠᠭᠠᠨ‌‍ᠲ᠋ᠠᠬᠢᠵᠤ ᠭᠡᠷᠢᠶᠡᠰ ᠦᠯᠡᠳᠡᠭᠡᠵᠦ᠂ ᠲᠦᠷᠪᠡᠨ ᠢᠵᠢ ᠭᠡᠷ ᠬᠥᠷᠤᠩᠭᠡ ᠶᠢ ᠬᠤᠶᠠᠳᠤᠭᠠᠷ ᠬᠦᠦ ᠪᠠ ᠭᠤᠷᠪᠠᠳᠤᠭᠠᠷ  ᠬᠦᠦ ᠳ᠋ᠡᠭᠡᠨ‌‍ᠲ᠋ᠡᠭᠰᠢ ᠪᠠᠷ ᠬᠤᠪᠢᠶᠠᠨ ᠥᠭᠴᠡᠢ᠃ ᠬᠤᠶᠠᠷ ᠰᠠᠷ᠎ᠠ ᠶᠢᠨ ᠲᠠᠷᠠᠭ᠎ᠠ᠂ ᠯᠢ ᠡᠪᠦᠭᠡ  ᠡᠪᠡᠳᠴᠢᠨ ᠢᠶᠠᠷ  ᠨᠠᠰᠤ  ᠪᠠᠷᠠᠵᠠᠢ᠂  ᠶᠡᠭᠡ ᠬᠦᠦ ᠨᠢ ᠠᠯᠪᠠᠨ ᠭᠡᠷᠡᠴᠢᠯᠡᠭᠡ ᠶᠢᠨ ᠭᠡᠷᠢᠶᠡᠰ ᠶᠣᠰᠣᠭᠠᠷ ᠭᠡᠷ ᠬᠤᠪᠢᠶᠠᠬᠤ ᠪᠠᠷ ᠱᠠᠭᠠᠷᠳᠠᠵᠠᠢ᠃ ᠲᠡᠭᠡᠪᠡᠯ ᠯᠢ ᠨᠠᠰᠤᠲᠠᠨ ᠤ ᠬᠤᠶᠠᠷ‌ᠬᠤᠪᠢ ᠭᠡᠷᠢᠶᠡᠰ ᠤᠨ ᠠᠯᠢ ᠪᠠᠷ ᠨᠢ ᠪᠠᠷᠢᠮᠵᠢᠶ᠎ᠠ ᠪᠣᠯᠭᠠᠬᠤ ᠪᠤᠢ︖              ᠬᠠᠤᠯᠢ ᠢᠶᠠᠷ ᠲᠠᠶᠢᠯᠪᠤᠷᠢᠯᠠᠬᠤ ᠨᠢ              ᠬᠠᠮᠤᠭ ᠰᠡᠭᠦᠯᠴᠢ ᠶᠢᠨ ᠨᠢᠭᠡ ᠬᠤᠪᠢ ᠭᠡᠷᠢᠶᠡᠰ ᠢᠶᠠᠷ ᠪᠠᠷᠢᠮᠵᠢᠶ᠎ᠠ ᠪᠤᠯᠭᠠᠨ᠎ᠠ ᠠᠯᠪᠠᠨ ᠭᠡᠷᠡᠴᠢᠯᠡᠭᠡ ᠲᠠᠢ ᠭᠡᠷᠢᠶᠡᠰ ᠨᠢ ᠲᠡᠷᠢᠭᠦᠯᠡᠬᠦ ᠬᠦᠴᠦᠨ ᠦᠭᠡᠢ ᠪᠣᠯᠤᠨ᠎ᠠ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠳᠥᠴᠢᠨ ᠬᠤᠶᠠᠳᠤᠭᠠᠷ ᠵᠦᠢᠯ ᠳᠤ᠂ᠭᠡᠷᠢᠶᠡᠰ ᠦᠯᠡᠳᠡᠭᠡᠭᠴᠢ ᠥᠪᠡᠷ ᠤᠨ ᠦᠯᠡᠳᠡᠭᠡᠭᠰᠡᠨ ᠭᠡᠷᠢᠶᠡᠰ ᠢᠶᠠᠨ ᠪᠤᠴᠠᠭᠠᠬᠤ ᠪᠤᠶᠤ  ᠬᠤᠪᠢᠷᠠᠭᠤᠯᠵᠤ  ᠪᠣᠯᠤᠨ᠎ᠠ  ᠭᠡᠵᠦ ᠲᠣᠭᠲᠠᠭᠠᠵᠠᠢ᠃ ᠭᠡᠷᠢᠶᠡᠰ ᠦᠯᠡᠳᠡᠭᠡᠭᠰᠡᠨ ᠤ ᠲᠠᠷᠠᠭ᠎ᠠ᠂ ᠭᠡᠷᠢᠶᠡᠰ ᠦᠯᠡᠳᠡᠭᠡᠭᠴᠢ ᠭᠡᠷᠢᠶᠡᠰ ᠤᠨ ᠠᠭᠤᠯᠭ᠎ᠠ ᠲᠠᠢ ᠡᠰᠡᠷᠭᠦ‌ᠢᠷᠭᠡᠨ ᠤ ᠬᠡᠷᠡᠭ ᠤᠨ ᠬᠠᠤᠯᠢ  ᠴᠠᠭᠠᠵᠠ ᠶᠢᠨ ᠠᠵᠢᠯᠯᠠᠭ᠎ᠠ ᠶᠢ ᠬᠢᠭᠰᠡᠨ ᠪᠠᠶᠢᠪᠠᠯ᠂ ᠭᠡᠷᠢᠶᠡᠰ ᠤᠨ ᠬᠤᠯᠪᠣᠭᠳᠠᠯ ᠪᠦᠬᠦᠢ ᠠᠭᠤᠯᠭ᠎ᠠ ᠶᠢ ᠪᠤᠴᠠᠭᠠᠭᠰᠠᠨ ᠢᠶᠠᠷ ᠦᠵᠡᠨ᠎ᠡ᠃ ᠬᠡᠳᠦᠨ ᠭᠡᠷᠢᠶᠡᠰ ᠦᠯᠡᠳᠡᠭᠡᠭᠡᠳ ᠠᠭᠤᠯᠭ᠎ᠠ ᠨᠢ  ᠬᠠᠷᠰᠢᠯᠳᠤᠬᠤ ᠳᠤ  ᠬᠦᠷᠪᠡᠯ᠂ᠬᠠᠮᠤᠭ ᠰᠡᠭᠦᠯᠴᠢ ᠶᠢᠨ ᠭᠡᠷᠢᠶᠡᠰ ᠢᠶᠠᠷ ᠪᠠᠷᠢᠮᠵᠢᠶ᠎ᠠ ᠪᠣᠯᠭᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号