ᠵᠠᠯᠠᠭᠤ ᠪᠠᠶᠢᠬᠤ ᠶᠢᠨ ᠳᠣᠯᠠᠳᠠ ᠪᠠᠷᠢᠮᠳᠠᠯᠠᠬᠤ ᠳᠠᠳᠬᠠᠯ ᠤᠳ
ᠨᠡᠶᠢᠲᠡᠯᠡᠭᠰᠡᠨ ᠴᠠᠭ᠄
2022/12/9
    1. ᠦᠲᠡᠯᠦᠨ ᠦᠲᠡᠯᠦᠲᠡᠯ᠎ᠡ ᠪᠠᠨ ᠰᠢᠨ᠎ᠡ ᠵᠤᠶᠢᠯ ᠢ ᠰᠣᠷᠣᠯᠴᠠᠵᠦ ᠪᠠᠶᠢᠬᠤ ᠭᠡᠷᠡᠭᠳᠡᠢ᠃ ᠬᠥᠮᠥᠨ ᠨᠠᠰᠣᠨ ᠳᠣᠷᠰᠢᠳᠡ‌‍ᠰᠣᠷᠴᠦ ᠰᠣᠳᠣᠯᠵᠦ ᠪᠠᠶᠢᠬᠤ ᠪᠣᠯ ᠮᠠᠰᠢ ᠴᠢᠬᠤᠯᠠ ᠶᠤᠮ᠃ ᠰᠢᠨ᠎ᠡ ᠨᠢᠭᠡᠨ ᠬᠥᠭᠵᠢᠮ᠂ ᠨᠢᠭᠡ ᠳᠦᠷᠦᠯ ᠤᠨ ᠬᠡᠯᠡ᠂ ᠡᠰᠡᠬᠦᠯ᠎ᠡ ᠰᠢᠨ᠎ᠡ ᠬᠤᠭᠤᠯᠠ ᠪᠤᠳᠠᠭ᠎ᠠ ᠬᠢᠵᠦ ᠰᠣᠷᠴᠦ ᠣᠷᠣᠯᠳᠣᠵᠦ ᠪᠠᠶᠢᠭᠠᠷᠠᠢ᠃                     2. ᠬᠠᠭᠤᠴᠢᠨ ᠳᠠᠳᠬᠠᠯ ᠪᠠ ᠦᠪᠡᠷ ᠤᠨ ᠢᠶᠠᠨ ᠲᠤᠷᠰᠢᠯᠭ᠎ᠠ ᠪᠠᠨ ᠯᠡ ᠮᠦᠷᠳᠡᠬᠦ ᠪᠢᠰᠢ᠂ ᠬᠠᠷᠢᠨ ᠰᠢᠨ᠎ᠡ ᠵᠦᠢᠯ ᠢ ᠵᠠᠯᠭ᠎ᠠ ᠰᠣᠨᠢᠷᠬᠠᠵᠤ ᠤᠷᠤᠯᠳᠣᠵᠦ ᠪᠠᠶᠢᠬᠤ ᠪᠣᠯ  ᠵᠠᠯᠠᠭᠤ ᠨᠠᠰᠤᠨ ᠤ  ᠬᠦᠬᠡᠬᠡᠴᠡᠯᠳᠦᠯ ᠶᠤᠮ᠃ ᠡᠨᠡ ᠨᠢ ᠦᠪᠡᠷ ᠢ ᠴᠢᠨᠢ ᠳᠠᠰᠣᠷᠠᠯᠳᠠ ᠦᠬᠡᠢ ᠰᠢᠨᠡᠴᠢᠯᠡᠵᠦ᠂ ᠰᠡᠳᠬᠢᠯ ᠰᠠᠨᠠᠭ᠎ᠠ ᠶᠢ ᠬᠠᠩᠬᠤᠯᠠᠭᠤᠨ ᠪᠠᠶᠢᠯᠭᠠᠳᠠᠭ᠃                     3. ᠢᠯᠡᠬᠦᠬᠡᠨ ᠬᠦᠳᠡᠯᠵᠦ ᠪᠠᠢ᠃ ᠬᠦᠮᠦᠨ ᠬᠦᠭᠰᠢᠷᠡᠵᠦ ᠪᠢᠰᠢ ᠬᠦᠰᠢᠵᠦ ᠦᠬᠦᠳᠡᠭ ᠬᠡᠰᠡᠨ ᠦᠬᠡ ᠪᠠᠶᠢᠳᠠᠭ ᠃ᠥᠲᠡᠯᠬᠦ ᠠᠴᠠ ᠰᠡᠷᠬᠡᠶᠢᠯᠡᠬᠦ ᠳᠤ ᠪᠡᠶ᠎ᠡ ᠲᠠᠮᠢᠷ ᠤᠨ ᠪᠣᠯᠪᠠᠰᠤᠷᠠᠯ ᠶᠡᠭᠡ ᠴᠢᠬᠤᠯᠠ᠃ ᠳᠠᠷᠬᠠᠯᠠᠭ᠎ᠠ ᠶᠢ ᠴᠢᠨᠢ ᠰᠠᠶᠢᠵᠢᠷᠠᠭᠤᠯᠳᠠᠭ ‍ᠤᠨ‌‍ᠲ᠋ᠡᠭᠡᠷ᠎ᠡ ᠰᠡᠳᠬᠢᠯ ᠰᠠᠨᠠᠭᠠᠨ ᠤ ᠬᠤᠪᠢ ᠳᠤ ᠠᠶᠠᠳᠠᠢ ᠪᠤᠯᠭᠠᠳᠠᠭ᠃                     4. ᠪᠦᠬᠦ ᠶᠠᠪᠤᠳᠠᠯ ᠢ ᠵᠦᠪ ᠳᠠᠯ᠎ᠠ ᠠᠴᠠ ᠨᠢ ᠰᠡᠳᠬᠢᠵᠦ ᠰᠣᠷ᠃ ᠠᠮᠢᠳᠤᠷᠠᠯ ᠳᠤ ᠰᠡᠳᠬᠢᠯ ᠰᠠᠨᠠᠭ᠎ᠠ ᠪᠤᠬᠢᠨᠢᠳᠣᠭᠤᠯᠬᠤ ᠶᠠᠪᠤᠳᠠᠯ ᠲᠣᠬᠢᠶᠠᠯᠳᠤᠬᠤ ᠨᠢ ᠵᠠᠶᠢᠯᠠᠰᠢ ᠦᠭᠡᠢ᠃ ᠬᠠᠷᠢᠨ ᠪᠤᠯᠵᠦ ᠦᠩᠭᠡᠷᠡᠭᠰᠡᠨ ᠶᠠᠪᠤᠳᠠᠯ ᠢ ᠦᠬᠡᠷᠡᠴᠢᠯᠡᠵᠦ ᠦᠯᠦ ᠴᠢᠳᠠᠪᠠᠴᠦ ᠡᠬᠦᠨ ᠳᠤ ᠶᠠᠭᠠᠬᠢᠵᠦ ᠬᠠᠨᠳᠣᠬᠤ ᠪᠤᠢ ᠬᠡᠳᠡᠭ ᠨᠢ ᠴᠢᠬᠤᠯᠠ ᠶᠤᠮ᠃  ᠠᠮᠢᠳᠤᠷᠠᠯ ᠶᠠᠭ ᠲᠣᠯᠢ ᠰᠢᠭ᠋᠂  ᠥᠭᠡᠳᠡ ᠠᠴᠠ ᠨᠢ ᠬᠠᠷᠠᠭᠠᠳ ᠮᠦᠰᠢᠶᠡᠬᠦ ᠳᠤ ᠲᠡᠷᠡ ᠮᠦᠨ ᠢᠨᠢᠶᠡᠮᠰᠦᠭᠯᠡᠨ᠎ᠡ᠃ ᠦᠬᠡᠳᠡ ᠦᠬᠡᠢ ᠲᠡᠰᠢ ᠨᠢ ᠪᠤᠳᠤᠭᠠᠳ ᠪᠠᠶᠢᠪᠠᠯ ᠪᠤᠯᠬᠤ ᠦᠬᠡᠢ ᠪᠦᠳᠦᠬᠦ ᠦᠬᠡᠢ ᠶᠠᠪᠤᠳᠠᠯ ᠤᠷᠢᠶᠠᠬᠤ ᠬᠡᠳ ᠯᠠ ᠪᠠᠶᠢᠳᠠᠭ᠃                      5. ᠦᠪᠡᠷ ᠤᠨ ᠳᠤᠷ᠎ᠠ ᠰᠣᠨᠢᠷᠬᠠᠯ ᠲᠠᠢ ᠪᠠᠶᠢᠬᠤ ᠬᠡᠷᠡᠭᠲᠡᠢ᠃ ᠵᠠᠯᠠᠭᠤᠴᠤᠳ ᠶᠠᠳᠠᠵᠦ ᠨᠢᠬᠡ ᠵᠤᠶᠢᠯ ᠳᠤ ᠳᠣᠷᠠᠳᠠᠢ ᠪᠠᠶᠢᠬᠤ ᠨᠢ ᠠᠮᠢᠳᠤᠷᠠᠯ ᠢ ᠰᠡᠳᠬᠢᠯ ᠬᠠᠩᠬᠤᠯᠠᠭᠤᠨ ᠳᠣᠭᠤᠯᠬᠤ ᠳᠤ ᠳᠣᠰᠠ ᠪᠤᠯᠳᠠᠭ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号