ᠡᠶᠢᠮᠣᠷᠬᠦ ᠤᠮᠳᠠᠭᠠᠨ ᠢ ᠤᠤᠭᠤᠪᠠᠯ ᠲᠤᠯᠠᠢ ᠡᠪᠡᠳᠴᠢᠨ ᠢ ᠡᠭᠦᠰᠭᠡᠨ᠎ᠡ ᠭᠡᠨ᠎ᠡ ᠤᠤ︖
ᠨᠡᠶᠢᠲᠡᠯᠡᠭᠰᠡᠨ ᠴᠠᠭ᠄
2022/9/14
       ᠡᠮᠴᠢ ᠶᠢᠨ ᠰᠠᠨᠠᠭᠤᠯᠤᠭᠰᠠᠨ ᠨᠢ᠂ ᠦᠷᠭᠦᠯᠵᠢ ᠨᠡᠭᠦᠷᠡᠰᠦᠬᠦ᠋ᠴᠢᠯ ᠤᠨ ᠤᠮᠳᠠᠭᠠᠨ ᠢ ᠶᠡᠭᠡ ᠬᠡᠮᠵᠢᠶ᠎ᠡ ᠪᠠᠷ ᠤᠤᠭᠤᠪᠠᠯ ᠦᠨᠡᠬᠡᠷ ᠲᠤᠯᠠᠢ ᠡᠪᠡᠳᠴᠢᠨ ᠢ ᠡᠭᠦᠰᠭᠡᠵᠦ ᠮᠡᠳᠡᠨ᠎ᠡ᠂ ᠭᠤᠤᠯᠳᠠᠭᠤ ᠤᠮᠳᠠᠭᠠᠨ ᠤ ᠳᠣᠲᠣᠷᠠᠬᠢ ᠨᠡᠭᠦᠷᠡᠰᠦᠬᠦ᠋ᠴᠢᠯ ᠠᠴᠠ ᠪᠣᠯᠤᠭᠰᠠᠨ‌‍ᠪᠢᠰᠢ᠂ ᠬᠠᠷᠢᠨ ᠲᠡᠭᠦᠨ ᠤ ᠳᠣᠲᠣᠷᠠᠬᠢ ᠰᠢᠬᠢᠷ᠂ ᠢᠯᠠᠩᠭᠤᠶ᠎ᠠ ᠵᠢᠮᠢᠰ ᠤᠨ ᠰᠢᠬᠢᠷ ᠠᠴᠠ ᠪᠣᠯᠤᠭᠰᠠᠨ ᠶᠤᠮ᠃ ᠵᠢᠮᠢᠰ ᠤᠨ ᠰᠢᠬᠢᠷ ᠢ‌‍ᠶᠡᠭᠡ ᠬᠡᠮᠵᠢᠶ᠎ᠡ ᠪᠠᠷ ᠢᠳᠡᠭᠰᠡᠨ ᠤ ᠳᠠᠷᠠᠭ᠎ᠠ᠂ ᠪᠢᠳᠡᠨ ᠤ ᠪᠡᠶ᠎ᠡ  ᠳᠣᠲᠣᠷ  ᠫᠦᠷᠢᠨ ᠢ  ᠡᠭᠦᠰᠭᠡᠵᠦ᠂  ᠲᠡᠭᠦᠨ ᠢ  ᠰᠣᠯᠢᠯᠴᠠᠭ᠎ᠠ‌‍ᠬᠢᠭᠰᠡᠨ ᠤ ᠳᠠᠷᠠᠭ᠎ᠠ ᠰᠢᠭᠡᠰᠦᠨ ᠬᠦᠴᠢᠯ ᠢ ᠶᠡᠬᠡᠰᠭᠡᠵᠦ᠂ ᠲᠤᠯᠠᠢ ᠡᠪᠡᠳᠴᠢᠨ ᠡᠭᠦᠰᠭᠡᠨ᠎ᠡ᠃ ᠡᠶᠢᠮᠦ ᠠᠴᠠ ᠰᠢᠬᠢᠷᠯᠢᠭ ᠤᠮᠳᠠᠭᠠᠨ ᠢ‌‍ᠬᠡᠳᠦᠶ ᠠᠷᠪᠢᠨ ᠤᠤᠭᠤᠪᠠᠯ ᠲᠤᠯᠠᠢ ᠡᠪᠡᠳᠴᠢᠨ ᠡᠭᠦᠰᠬᠦ ᠲᠦᠭᠰᠢᠭᠦᠷᠢ ᠨᠢ ᠲᠡᠳᠦᠶ ᠶᠡᠭᠡ ᠪᠠᠶᠢᠳᠠᠭ᠃              ᠡᠮᠴᠢ ᠶᠢᠨ ᠲᠠᠨᠢᠯᠴᠠᠭᠤᠯᠤᠭᠰᠠᠨ ᠢᠶᠠᠷ᠂ ᠰᠢᠬᠢᠷ ᠦᠭᠡᠢ ᠤᠮᠳᠠᠭᠠᠨ ᠤ ᠰᠢᠬᠢᠷᠯᠢᠭ ᠠᠮᠲᠠ ᠨᠢ ᠭᠤᠤᠯᠳᠠᠭᠤ ᠰᠢᠬᠢᠷᠯᠢᠭ ᠡᠳ᠋ ᠠᠴᠠ ᠢᠷᠡᠯᠲᠡ ᠲᠠᠢ᠂ ᠦᠨᠳᠦᠰᠦᠨ ᠳᠡᠭᠡᠨ ᠬᠥᠮᠦᠨ ᠤ ᠪᠡᠶ᠎ᠡ ᠳᠤ ᠰᠢᠩᠭᠡᠭᠡᠭᠳᠡᠬᠦ ᠦᠭᠡᠢ᠂ ᠶᠡᠷᠦᠩᠬᠡᠶ ᠳᠤᠨᠢ ᠠᠪᠴᠤ ᠬᠡᠯᠡᠪᠡᠯ‌‍ᠲ᠋ᠤᠯᠠᠢ ᠡᠪᠡᠳᠴᠢᠨ ᠳᠤ ᠳᠡᠮᠡᠶ ᠨᠥᠯᠥᠭᠡ ᠦᠭᠡᠢ᠃               ᠲᠤᠯᠠᠢ ᠡᠪᠡᠳᠴᠢᠨ ᠢ ᠰᠡᠷᠭᠡᠶᠢᠯᠡᠬᠦ ᠳᠤ ᠡᠩ ᠲᠡᠷᠢᠭᠦᠨ ᠳᠤ  ᠠᠷᠢᠬᠢ ᠳᠤ  ᠪᠠᠭ᠎ᠠ  ᠤᠶᠢᠷᠡᠳ᠂  ᠰᠫᠢᠷᠲ ᠨᠢ  ᠪᠡᠶ᠎ᠡ ᠮᠠᠬᠠᠪᠣᠳ ᠲᠤ ᠨᠡᠩ ᠠᠷᠪᠢᠨ ᠫᠦᠷᠢᠨ ᠡᠭᠦᠰᠭᠡᠳᠡᠭ ᠶᠤᠮ ᠪᠤᠯᠬᠤᠷ  ᠪᠠᠭ᠎ᠠ  ᠤᠤᠭᠤᠬᠤ  ᠪᠤᠶᠤ  ᠤᠤᠭᠤᠬᠤ  ᠦᠭᠡᠢ  ᠪᠠᠶᠢᠪᠠᠯ‌ᠵᠣᠬᠢᠨ᠎ᠠ᠃ ᠳᠠᠷᠠᠭ᠎ᠠ ᠳᠤᠨᠢ᠂ ᠠᠮᠢᠲᠠᠨ ᠤ ᠳᠣᠲᠣᠷ ᠡᠷᠬᠡᠲᠡᠨ᠂ ᠬᠠᠯᠠᠭᠤᠨ ᠲᠣᠭᠤᠭ᠎ᠠ᠂  ᠳᠠᠯᠠᠢ ᠶᠢᠨ  ᠢᠳᠡᠭᠡᠨ  ᠵᠡᠷᠭᠡ  ᠫᠦᠷᠢᠨ ᠶᠡᠬᠡᠲᠡᠢ ᠢᠳᠡᠭᠡᠨ ᠢ ᠪᠠᠭ᠎ᠠ ᠢᠳᠡᠨ᠎ᠡ᠃  ᠭᠤᠷᠪᠠᠳᠤᠭᠠᠷ ᠲᠤ᠂ ᠤᠰᠤ  ᠨᠥᠬᠦᠪᠥᠷᠢᠯᠡᠬᠦ ᠶᠢ  ᠠᠩᠬᠠᠷᠴᠤ᠂  ᠢᠯᠡᠭᠦᠬᠡᠨ  ᠤᠰᠤ‌ᠤᠤᠭᠤᠬᠤ ᠬᠡᠷᠡᠭᠲᠡᠢ᠃ ᠨᠠᠮᠤᠷ ᠡᠪᠦᠯ ᠪᠣᠯᠤᠭᠰᠠᠨ ᠤ ᠳᠠᠷᠠᠭ᠎ᠠ᠂ ᠠᠭᠤᠷ ᠠᠮᠢᠰᠬᠤᠯ ᠰᠡᠷᠢᠭᠦᠨ᠂  ᠭᠠᠩ  ᠬᠠᠭᠤᠷᠠᠶ  ᠪᠠᠶᠢᠵᠤ᠂ᠪᠡᠶ᠎ᠡ ᠶᠢᠨ ᠭᠠᠳᠠᠷᠭᠤ ᠠᠴᠠ ᠠᠭᠤᠷᠰᠢᠬᠤ ᠤᠰᠤ ᠨᠡᠮᠡᠭᠳᠡᠵᠦ᠂ ᠴᠢᠰᠤᠨ ᠳᠣᠲᠣᠷᠠᠬᠢ ᠰᠢᠭᠡᠰᠦᠨ ᠬᠦᠴᠢᠯ ᠤᠨ ᠥᠳᠬᠡᠴᠡ ᠪᠠᠰᠠ‌‍ᠲ᠋ᠡᠭᠡᠭᠰᠢᠯᠡᠭᠡᠳ᠂ ᠲᠤᠯᠠᠢ ᠡᠪᠡᠳᠴᠢᠨ ᠢ ᠡᠭᠦᠰᠭᠡᠨ᠎ᠡ᠃ ᠳᠥᠷᠪᠡᠳᠦᠭᠡᠷ ᠲᠤ᠂ ᠬᠥᠳᠡᠯᠭᠡᠭᠡᠨ ᠢ ᠠᠩᠬᠠᠷ᠃ ᠠᠭᠤᠷ  ᠠᠮᠢᠰᠬᠤᠯ‌‍ᠬᠦ᠋ᠢᠲᠡᠷᠡᠭᠰᠡᠨ ᠤ ᠳᠠᠷᠠᠭ᠎ᠠ᠂ ᠡᠳᠦᠷ ᠪᠣᠭᠤᠨᠢᠰᠴᠤ᠂ ᠬᠥᠮᠦᠰ ᠤᠨ ᠬᠥᠳᠡᠯᠭᠡᠭᠡᠨ ᠤ ᠴᠠᠭ ᠨᠢ ᠴᠦ ᠬᠠᠷᠢᠴᠠᠩᠭᠤᠶ ᠪᠠᠷ ᠪᠠᠭᠠᠰᠤᠨ᠎ᠠ᠃ ᠬᠡᠷᠪᠡ ᠤᠳᠠᠭᠠᠨ ᠰᠠᠭᠤᠭᠠᠳ ᠬᠥᠳᠡᠯᠭᠡᠭᠡᠨ ᠬᠢᠬᠦ ᠦᠭᠡᠢ ᠪᠣᠯ᠂  ᠪᠡᠶ᠎ᠡ ᠶᠢᠨ  ᠰᠢᠭᠡᠰᠦᠨ  ᠬᠦᠴᠢᠯ ᠢ  ᠰᠣᠯᠢᠯᠴᠠᠬᠤ  ᠴᠢᠳᠠᠪᠤᠷᠢ‌‍ᠲ᠋ᠣᠷᠣᠭᠰᠢᠯᠠᠵᠤ᠂ ᠲᠤᠯᠠᠢ ᠡᠪᠡᠳᠴᠢᠨ ᠢ ᠡᠭᠦᠰᠭᠡᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号