ᠠᠵᠠ ᠵᠢᠷᠭᠠᠯᠳᠠᠢ ᠠᠮᠢᠳᠤᠷᠠᠬᠤ ᠶᠢᠨ 6 ᠠᠷᠭ᠎ᠠ ᠳᠡᠮ
ᠨᠡᠶᠢᠲᠡᠯᠡᠭᠰᠡᠨ ᠴᠠᠭ᠄
2023/3/16
       ᠨᠢᠭᠡ᠂ ᠶᠠᠪᠤᠳᠠᠯ ᠪᠦᠬᠦᠨ ᠳᠤ ᠪᠡᠯᠡᠳᠬᠡᠯ ᠲᠠᠢ ᠪᠠᠶᠢᠬᠤ᠄ ᠪᠡᠯᠡᠳᠬᠡᠯ ᠲᠠᠢ ᠪᠤᠯ ᠪᠠᠯᠠᠳᠠᠬᠤ ᠦᠬᠡᠢ ᠬᠡᠳᠡᠭ᠃ ᠶᠠᠮᠠᠷ ᠴᠤ ᠶᠠᠪᠤᠳᠠᠯ ᠳᠤ ᠤᠷᠢᠳᠴᠢᠯᠠᠨ ᠪᠡᠯᠡᠳᠬᠡᠯ ᠬᠢᠬᠦ ᠶᠢ  ᠰᠤᠷᠴᠤ᠂ ᠰᠠᠨᠠᠭᠠᠴᠢᠯᠠᠭ᠎ᠠ ᠶᠢ ᠭᠠᠷ ᠲᠠᠭᠠᠨ ᠠᠳᠬᠤᠵᠤ ᠂ ᠭᠡᠨᠡᠳᠲᠡ ᠶᠢᠨ ᠪᠠᠶᠢᠳᠠᠯ ᠳᠤ ᠴᠠᠭ ᠠᠮᠵᠢᠬᠰᠠᠨ ᠪᠠᠶᠢᠪᠠᠯ ᠰᠠᠶᠢᠨ᠃ ᠢᠩᠬᠢᠬᠦ ᠨᠢ ᠪᠤᠰᠤᠳ ᠢ ᠬᠦᠨᠳᠦᠳᠬᠡᠵᠦ  ᠪᠠᠶᠢᠬᠤ ᠪᠠᠷ ᠪᠠᠷᠠᠬᠤ ᠦᠭᠡᠢ᠂ ᠦᠪᠡᠷᠳᠡᠬᠡᠨ ᠴᠦ ᠬᠠᠷᠢᠭᠤᠴᠠᠵᠤ ᠪᠠᠶᠢᠭ᠎ᠠ ᠶᠠᠪᠤᠳᠠᠯ ᠶᠤᠮ᠃                              ᠬᠤᠶᠠᠷ᠂ ᠬᠤᠶᠢᠰᠢᠯᠠᠭᠤᠯᠬᠤ ᠶᠢ ᠲᠡᠪᠴᠢᠬᠦ᠄  ᠡᠳᠦᠷ ᠤᠨ ᠠᠵᠢᠯ ᠢ ᠡᠳᠦᠷ ᠲᠤ ᠨᠢ ᠬᠢᠵᠦ ᠪᠠᠶᠢᠬᠤ ᠬᠡᠷᠡᠭᠳᠡᠢ᠃ ᠬᠤᠢᠰᠢᠯᠠᠭᠤᠯᠬᠤ ᠨᠢ ᠠᠮᠵᠢᠯᠲᠠ ᠳᠤ ᠬᠦᠷᠬᠦ ᠶᠢᠨ ᠬᠠᠮᠤᠭ ᠤᠨ ᠶᠡᠭᠡ ᠰᠠᠭᠠᠳ ᠶᠤᠮ᠃                             ᠭᠤᠷᠪᠠ᠂ ᠲᠡᠰᠦᠷᠡᠯᠳᠠ ᠦᠬᠡᠢ ᠰᠤᠷᠤᠯᠴᠠᠬᠤ᠄ ᠰᠤᠷᠤᠯᠴᠠᠯᠭ᠎ᠠ ᠪᠣᠯ ᠪᠢᠳᠡ ᠪᠦᠬᠦᠨ ᠤ ᠡᠬᠦᠷᠢᠳᠡ ᠶᠢᠨ ᠦᠢᠯᠡᠰ ᠮᠥᠨ᠃ ᠮᠡᠳᠡᠯᠭᠡ ᠦᠭᠡᠢ ᠬᠥᠮᠥᠨ ᠰᠣᠷᠬᠤ ᠶᠢ ᠬᠢᠵᠠᠭᠠᠷ ᠲᠠᠢ ᠭᠡᠵᠦ᠂ ᠮᠡᠷᠬᠡᠨ ᠬᠥᠮᠥᠨ ᠰᠤᠷᠬᠤᠢ ᠳᠤᠷ ᠬᠢᠵᠠᠭᠠᠷ ᠦᠭᠡᠢ‌‍ᠭᠡᠳᠡᠭ ᠢ ᠮᠡᠳᠡᠷᠡᠳᠡᠭ᠃ ᠰᠤᠷᠤᠯᠴᠠᠯᠭ᠎ᠠ ᠶᠢ ᠳᠠᠳᠬᠠᠯ ᠪᠣᠯᠭᠠᠪᠠᠯ᠂ ᠪᠢᠳᠡ ᠰᠠᠶ᠋ᠢ ᠦᠪᠡᠷ ᠢ ᠪᠠᠨ ᠴᠠᠭ  ᠢᠮᠠᠬᠳᠠ ᠰᠢᠨᠡᠴᠢᠯᠡᠵᠦ ᠬᠦᠭᠵᠢᠬᠦᠯᠵᠦ ᠴᠢᠳᠠᠳᠠᠭ᠃                              ᠳᠥᠷᠪᠡ᠂ ᠠᠭᠤᠷ ᠤᠴᠠᠭᠠᠷ ᠢᠶᠠᠨ ᠳᠠᠷᠣᠵᠦ ᠰᠣᠷᠬᠤ᠄ ᠰᠡᠳᠬᠢᠯ ᠳᠡᠭᠡᠨ ᠬᠦᠴᠦᠳᠡᠢ ᠬᠥᠮᠥᠨ᠂ ᠠᠭᠤᠷ ᠤᠴᠠᠭᠠᠷ ᠵᠶ᠋ᠠᠨ‌‍ᠲ᠋ᠠᠷᠣᠵᠦ ᠪᠠᠶᠢᠭᠠᠳ ᠤᠴᠢᠷ ᠶᠠᠪᠤᠳᠠᠯ ᠢ ᠰᠢᠢᠳᠪᠦᠷᠢᠯᠡᠬᠦ ᠶᠢ ᠮᠡᠳᠡᠨ᠎ᠡ᠃ ᠶᠠᠮᠠᠷ ᠪᠠᠶᠢᠳᠠᠯ ᠳᠣᠬᠢᠶᠠᠯᠳᠣᠬᠰᠠᠨ ᠴᠤ ᠰᠡᠳᠬᠢᠯ ᠰᠠᠨᠠᠭ᠎ᠠ‌‍ᠲ᠋ᠠᠶᠢᠪᠤᠭᠤᠨ᠂ ᠯᠠᠪᠳᠠᠭᠤᠨ ᠲᠣᠭᠲᠠᠭᠤᠨ ᠪᠠᠶᠢᠪᠠᠯ ᠰᠠᠶ᠋ᠢ ᠠᠰᠠᠭᠤᠳᠠᠯ ᠢ ᠰᠢᠢᠳᠪᠦᠷᠢᠯᠡᠬᠦ ᠠᠷᠭ᠎ᠠ ᠶᠢ ᠣᠯᠵᠤ ᠴᠢᠳᠠᠨ᠎ᠠ᠃                              ᠲᠠᠪᠤ᠂ ᠳᠤᠷ᠎ᠠ ᠰᠣᠨᠢᠷᠬᠠᠯ ᠲᠠᠢ ᠪᠠᠶᠢᠬᠤ᠄ ᠳᠣᠷᠠᠳᠠᠢ ᠵᠤᠶᠢᠯ ᠢᠶᠠᠨ ᠬᠢᠵᠦ  ᠰᠡᠳᠬᠢᠯ  ᠰᠠᠨᠠᠭ᠎ᠠ   ᠪᠠᠨ  ᠵᠠᠰᠠᠬᠤ  ᠬᠡᠳᠡᠭ ᠠᠮᠢᠳᠣᠷᠠᠯ ᠳᠤ ᠶᠡᠭᠡ ᠴᠢᠬᠤᠯᠠ᠃ ᠴᠡᠴᠡᠭ ᠬᠤᠸᠠᠷ ᠳᠠᠷᠢᠬᠤ᠂ ᠲᠠᠮᠢᠷ ᠤᠨ ᠬᠥᠳᠡᠯᠭᠡᠭᠡᠨ ᠳᠤ  ᠣᠷᠣᠯᠴᠠᠬᠤ᠂ ᠨᠣᠮ ᠵᠤᠬᠢᠶᠠᠯ ᠣᠩᠰᠢᠬᠤ᠂ ᠡᠰᠡᠬᠦᠯ᠎ᠡ ᠨᠢᠭᠡ ᠳᠦᠷᠦᠯ ᠤᠨ ᠬᠥᠭᠵᠢᠮ ᠰᠤᠷᠬᠤ᠂ ᠨᠢᠭᠡ ᠵᠦᠢᠯ ᠤᠨ ᠭᠠᠷ ᠤᠷᠠᠯᠠᠯ  ᠣᠷᠣᠯᠳᠣᠬᠤ  ᠬᠡᠳ  ᠵᠢᠵᠢᠭ‌‍ᠰᠠᠵᠢᠭ ᠵᠣᠶᠢᠯ ᠤᠷᠮ᠎ᠠ ᠰᠡᠳᠬᠢᠯ ᠢ ᠳᠡᠵᠢᠬᠡᠵᠦ ᠠᠮᠢᠳᠣᠷᠠᠯ ᠢ ᠣᠳᠬ᠎ᠠ ᠠᠭᠤᠯᠭ᠎ᠠ ᠲᠠᠢ ᠪᠤᠯᠭᠠᠳᠠᠭ ᠰᠢᠦ᠃                                    ᠵᠢᠷᠭᠤᠭ᠎ᠠ᠂ ᠪᠠᠶᠢᠭ᠎ᠠ ᠵᠤᠶᠢᠯ ᠢᠶᠠᠨ ᠨᠠᠨᠳᠢᠩᠨᠠᠬᠤ᠄ ᠵᠢᠩᠬᠢᠨᠢ ᠤᠬᠠᠭᠠᠨ ᠲᠠᠢ ᠬᠥᠮᠥᠨ ᠦᠪᠡᠷ ᠲᠤ ᠨᠢ ᠪᠠᠶᠢᠭ᠎ᠠ ᠵᠤᠶᠢᠯ‌‍ᠲ᠋ᠡᠭᠡᠷ᠎ᠡ ᠰᠠᠨᠠᠭ᠎ᠠ ᠰᠡᠳᠬᠢᠯ ᠢᠶᠠᠨ ᠳᠠᠯᠪᠢᠵᠦ ᠴᠢᠳᠠᠳᠠᠭ᠃ ᠶᠠᠭᠤᠮᠠᠨ ᠳᠤ  ᠰᠢᠨᠤᠬᠤ ᠦᠭᠡᠢ᠂ ᠢᠷᠡᠭᠡᠳᠦᠢ ᠠᠴᠠ ᠵᠢᠷᠦᠬᠡᠰᠢᠶᠡᠬᠦ ᠦᠭᠡᠢ ᠪᠠᠷ ᠵᠦᠭᠡᠷ ᠯᠠ ᠨᠢᠳᠦᠨ ᠡᠮᠦᠨ᠎ᠡ ᠴᠢᠨᠢ ᠪᠠᠶᠢᠭ᠎ᠠ ᠪᠦᠬᠦ ᠵᠤᠶᠢᠯ ᠢᠶᠠᠨ ᠨᠠᠨᠳᠢᠩᠨᠠᠵᠦ ᠠᠮᠢᠳᠣᠷᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号