ᠰᠤᠷᠭᠠᠭᠤᠯᠢ ᠶᠢᠨ ᠡᠭᠦᠳᠡᠨ ᠳᠤ ᠪᠢᠳᠡᠬᠡᠢ ᠲᠠᠮᠠᠬᠢ ᠲᠠᠳᠠᠭᠠᠷᠠᠢ︕
ᠨᠡᠶᠢᠲᠡᠯᠡᠭᠰᠡᠨ ᠴᠠᠭ᠄
2023/5/31
   ᠦᠨᠦᠳᠦᠷ ᠪᠤᠯ ᠲᠡᠯᠡᠬᠡᠢ ᠶᠢᠨ 36 ᠳᠠᠬᠢ ︽ᠲᠡᠮᠡᠬᠢ ᠦᠭᠡᠢ ᠡᠳᠦᠷᠯᠢᠭ︾ ᠪᠤᠯᠤᠨ᠎ᠠ᠂ ᠡᠨᠡ ᠵᠢᠯ ᠤᠨ ᠭᠤᠤᠯ ᠰᠡᠳᠦᠪ ᠨᠢ ︽ᠬᠡᠥᠬᠡᠳ ᠢᠶᠠᠨ ᠲᠠᠮᠠᠬᠢ ᠦᠭᠡᠢ ᠤᠷᠴᠢᠨ ᠳᠤ ᠦᠰᠭᠡᠶ᠎ᠠ︾ ᠭᠡᠰᠡᠨ ᠠᠭᠤᠯᠭ᠎ᠠ ᠲᠠᠢ ᠶᠤᠮ ᠪᠠᠶᠢᠨ᠎ᠠ᠃                      ᠳᠠᠮᠠᠬᠢᠨ ᠤ ᠬᠤᠤᠷᠳᠠᠯ ᠨᠢ ᠲᠡᠯᠡᠬᠡᠢ ᠶᠢᠷᠳᠢᠨᠴᠦ ᠳᠤ ᠲᠤᠯᠭᠠᠷᠠᠵᠦ  ᠪᠠᠶᠢᠭ᠎ᠠ ᠤᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠬᠠᠮᠤᠭ ᠤᠨ ᠶᠡᠭᠡ ᠰᠦᠷᠳᠡᠭᠦᠯᠦᠯ ᠤᠨ ᠨᠢᠭᠡ ᠪᠤᠯᠤᠨ᠎ᠠ᠃ ᠳᠠᠮᠠᠬᠢᠨ ᠠᠴᠠ ᠪᠤᠯᠵᠦ ᠵᠢᠯ ᠪᠦᠷᠢ 700 ᠭᠠᠷᠦᠢ ᠲᠦᠮᠡᠨ ᠬᠦᠮᠦᠨ ᠠᠮᠢ ᠨᠠᠰᠤ ᠪᠠᠨ ᠠᠯᠳᠠᠵᠦ  ᠪᠠᠶᠢᠨ᠎ᠠ᠂ ᠡᠭᠦᠨ ᠳᠤ 600 ᠭᠠᠷᠦᠢ ᠬᠦᠮᠦᠨ ᠨᠢ ᠰᠢᠭᠤᠳ  ᠲᠠᠮᠡᠬᠢ ᠲᠠᠳᠠᠬᠰᠠᠨ ᠠᠴᠠ ᠪᠤᠯᠵᠦ᠂ 89 ᠲᠦᠮᠡ ᠰᠢᠬᠠᠮ ᠬᠦᠮᠦᠨ ᠨᠢ ᠲᠠᠮᠡᠬᠢᠨ ᠤ ᠤᠳᠤᠭᠠᠨ ᠳᠤ ᠲᠠᠮ ᠬᠤᠤᠷᠳᠠᠬᠰᠠᠨ ᠡᠴᠠ‌‍ᠪᠤᠯᠤᠬᠰᠠᠨ ᠶᠤᠮ᠃                                      ᠡᠶᠢᠮᠦ ᠠᠴᠠ ᠪᠢᠳᠡ ᠪᠦᠬᠦᠨ ᠲᠠᠮᠠᠬᠢᠨ ᠤ ᠰᠢᠭᠤᠳ ᠬᠤᠤᠷᠳᠠᠯ ᠪᠠ ᠲᠠᠮ ᠬᠤᠤᠷᠳᠠᠯ ᠢ ᠲᠡᠪᠴᠢᠬᠦ     ᠴᠢᠬᠤᠯᠠᠳᠠᠢ᠂ ᠨᠡᠩ ᠴᠤ ᠬᠡᠥᠬᠡᠳ ᠪᠠᠭᠠᠴᠤᠳ ᠢ ᠲᠠᠮᠠᠬᠢᠨ ᠠᠴᠠ ᠬᠤᠯᠠ ᠪᠠᠶᠢᠯᠭᠠᠬᠤ ᠶᠢ ᠭᠡᠷ ᠤᠨ ᠠᠬᠠᠮᠠᠳ ᠴᠢᠬᠤᠯᠠᠴᠢᠯᠠᠵᠤ ᠦᠵᠡᠬᠦ ᠬᠡᠷᠡᠭᠳᠡᠢ᠃                    ᠭᠡᠳᠡᠯ᠎ᠡ ᠲᠤᠮᠳᠠᠳᠤ ᠪᠠᠭ᠎ᠠ ᠰᠤᠷᠭᠠᠭᠤᠯᠢ ᠶᠢᠨ ᠡᠭᠦᠳᠡᠨ ᠳᠤ ᠬᠡᠥᠬᠡᠳ ᠢᠶᠠᠨ ᠲᠤᠰᠬᠤ ᠪᠠᠷ ᠬᠦᠯᠢᠶᠡᠳᠡᠭ ᠵᠠᠷᠢᠮ ᠬᠡᠷ ‍ᠣᠨ‌ᠠᠬᠠᠮᠠᠳ ︽ᠰᠤᠷᠭᠠᠭᠤᠯᠢ ᠶᠢᠨ ᠬᠦᠷᠢᠶᠡᠨ ᠤ ᠡᠭᠦᠳᠡᠨ ᠳᠤ ᠲᠠᠮᠡᠬᠢ ᠲᠠᠳᠠᠵᠦ ᠪᠤᠯᠬᠤ ᠦᠭᠡᠢ︾ ᠭᠡᠰᠡᠨ ᠲᠤᠬᠳᠠᠭᠠᠯ ᠢ ᠬᠠᠶᠢᠬᠤᠷᠤᠯ ᠦᠭᠡᠢ ᠪᠠᠷ ᠲᠠᠮᠡᠬᠢ ᠲᠠᠳᠠᠵᠦ ᠴᠠᠭ ᠦᠩᠭᠡᠷᠡᠭᠦᠯᠳᠡᠭ᠂ ᠵᠠᠷᠢᠮ ᠨᠢ ᠨᠡᠩ ᠴᠤ ᠰᠤᠷᠭᠠᠭᠤᠯᠢ ᠶᠢᠨ ᠬᠦᠷᠢᠶᠡᠨ ᠠᠴᠠ ᠭᠠᠷᠴᠦ ᠢᠷᠡᠵᠦ ᠪᠠᠶᠢᠭ᠎ᠠ ᠬᠡᠥᠬᠡᠳ ᠤᠳ ᠤᠨ ᠦᠭᠡᠳᠡ ᠠᠴᠠ ᠤᠳᠤᠭ᠎ᠠ ᠪᠠᠭᠠᠬᠢᠭᠤᠯᠳᠠᠭ ᠪᠠᠶᠢᠯ᠎ᠠ᠃                                             ᠡᠳᠡᠭᠡᠷ ᠮᠠᠭᠤ ᠮᠠᠭᠤᠬᠠᠢ ᠵᠠᠩ ᠦᠢᠯᠡ ᠶᠢ ᠡᠷᠡᠰ ᠲᠡᠪᠴᠢᠵᠦ᠂ ᠬᠡᠥᠬᠡᠳ ᠢᠶᠠᠨ ᠲᠠᠮᠡᠬᠢᠨ ᠤ ᠪᠤᠬᠢᠷᠳᠤᠯ ᠦᠭᠡᠢ ᠴᠡᠪᠡᠷ ᠠᠷᠢᠭᠤᠨ ᠤᠷᠴᠢᠨ ᠳᠤ ᠬᠦᠮᠦᠵᠢᠭᠦᠯᠵᠦ᠂ ᠲᠡᠳᠡᠨ ᠤ ᠪᠡᠶ᠎ᠡ ᠰᠡᠳᠭᠢᠯ ᠤᠨ ᠡᠷᠡᠭᠦᠯ ᠮᠡᠨᠳᠦ ᠶᠢ ᠬᠠᠮᠠᠭᠠᠯᠠᠵᠦ ᠶᠠᠪᠤᠬᠤ ᠨᠢ  ᠭᠡᠷ ‍ᠣᠨ‌ᠠᠬᠠᠮᠠᠳ ᠤᠨ ᠴᠢᠬᠤᠯᠠ ᠡᠬᠦᠷᠬᠡ ᠬᠠᠷᠢᠭᠤᠴᠠᠯᠭ᠎ᠠ ᠪᠤᠯᠬᠤ ᠶᠤᠮ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号