ᠬᠡᠮᠵᠢᠶ᠎ᠡ ᠲᠠᠢ ᠪᠠᠶᠢᠬᠤ ᠨᠢ ᠬᠠᠮᠤᠭ ᠤᠨ ᠳᠣᠮᠣ ᠵᠠᠷᠴᠢᠮ
ᠨᠡᠶᠢᠲᠡᠯᠡᠭᠰᠡᠨ ᠴᠠᠭ᠄
2023/4/20
     ᠶᠠᠭᠤᠮ᠎ᠠ ᠬᠡᠦᠮ᠎ᠡ ᠳᠤ ᠬᠡᠮᠵᠢᠶ᠎ᠡ ᠲᠠᠢ ᠪᠠᠶᠢᠬᠤ ᠨᠢ ᠬᠦᠮᠦᠨ ᠤ ᠠᠮᠢᠳᠣᠷᠠᠯ ᠳᠤ  ᠪᠠᠷᠢᠮᠳᠠᠯᠠᠬᠤ  ᠶᠤᠰᠤᠳᠠᠢ  ᠬᠠᠮᠤᠭ ‍ᠤᠨ‌‍ᠲ᠋ᠣᠮᠣ ᠵᠠᠷᠴᠢᠮ ᠶᠤᠮ᠃                             ᠪᠡᠶ᠎ᠡ ᠪᠠᠨ ᠭᠠᠮᠨᠠᠬᠤ ᠳᠠᠯ᠎ᠠ ᠪᠠᠷ᠄ ᠵᠠᠷᠢᠮ ᠦᠶ᠎ᠡ ᠳᠤ ᠪᠢᠳᠡ ᠠᠵᠢᠯ ᠶᠠᠪᠤᠳᠠᠯ ᠳᠠᠭᠠᠨ ᠵᠢᠳᠬᠦᠭᠰᠡᠭᠡᠷ ᠪᠠᠶᠢᠭᠠᠳ ᠪᠡᠶ᠎ᠡ‌ᠮᠠᠬᠠᠪᠤᠳ ᠢᠶᠠᠨ ᠬᠠᠶᠠᠭᠠᠨ ᠳᠤ ᠨᠢ ᠬᠠᠶᠠᠳᠠᠭ᠃ ᠣᠳᠠᠭᠠᠨ ᠳᠠᠭᠠᠨ ᠡᠨᠡ ᠨᠢ ᠡᠷᠡᠬᠦᠯ ᠮᠡᠨᠳᠦ ᠶᠢ ᠨᠦᠯᠦᠬᠡᠯᠡᠵᠦ᠂  ᠴᠢᠨᠠᠬᠰᠢᠯᠠᠨ‌ᠠᠮᠢ ᠪᠡᠶ᠎ᠡ ᠶᠢ ᠴᠤ ᠬᠤᠬᠢᠷᠠᠭᠤᠯᠵᠦ ᠮᠡᠳᠡᠨ᠎ᠡ᠃ ᠡᠶᠢᠮᠦ ᠠᠴᠠ ᠬᠡᠴᠢᠨᠡᠨ ᠶᠡᠭᠡ ᠠᠵᠢᠯ ᠲᠠᠢ ᠪᠠᠶᠢᠯ᠎ᠠ ᠴᠤ ᠭᠡᠰᠡᠨ ᠡᠷᠡᠬᠦᠯ ᠮᠡᠨᠳᠦ‌‍ᠪᠡᠨ ᠣᠮᠲᠣᠭᠠᠶᠢᠯᠠᠵᠤ ᠪᠤᠯᠬᠤ ᠦᠬᠡᠢ᠃ ᠠᠵᠢᠯᠯᠠᠵᠦ ᠠᠮᠠᠷᠠᠬᠤ ᠪᠠᠨ ᠳᠡᠩᠴᠡᠬᠦᠬᠡᠨ ᠪᠠᠶᠢᠯᠭᠠᠵᠦ ᠂ ᠭᠡᠷ ᠪᠦᠯᠢ᠂ ᠦᠪᠡᠷ ᠤᠨ ᠪᠡᠶ᠎ᠡ ᠳᠡᠭᠡᠨ ᠬᠠᠷᠢᠭᠤᠴᠠᠯᠭ᠎ᠠ ᠲᠠᠢ ᠬᠠᠨᠳᠣᠪᠠᠯ ᠰᠠᠶ᠋ᠢ ᠠᠵᠠ ᠵᠢᠷᠭᠠᠯᠳᠠᠢ ᠠᠮᠢᠳᠣᠷᠠᠵᠦ ᠴᠢᠳᠠᠬᠤ ᠶᠤᠮ᠃                            ᠬᠠᠷᠢᠯᠴᠠᠭ᠎ᠠ ᠪᠠᠨ ᠵᠤᠬᠢᠴᠠᠭᠤᠯᠬᠤ ᠳᠠᠯ᠎ᠠ ᠪᠠᠷ᠄ ᠶᠠᠮᠠᠷ ᠴᠦ ᠳᠣᠳᠣᠨᠣ ᠶᠢᠨ ᠬᠠᠷᠢᠯᠴᠠᠭ᠎ᠠ ᠲᠠᠢ ᠪᠠᠶᠢᠬᠰᠠᠨ ᠴᠤ ᠪᠦᠷ ᠬᠤᠶᠠᠷ ᠬᠦᠮᠦᠨ ᠤ ᠶᠠᠪᠤᠳᠠᠯ ᠶᠤᠮ᠃ ᠪᠤᠰᠤᠳ ᠤᠨ ᠴᠢᠷᠠᠢ ᠶᠢ ᠪᠠᠶᠢᠩᠭᠤ ᠬᠠᠷᠠᠵᠦ᠂ ᠠᠪᠬᠤ ᠶᠢ ᠯᠠ ᠮᠡᠳᠡᠭᠡᠳ ᠬᠠᠷᠢᠭᠤ ᠪᠠᠶᠢᠬᠤ ᠦᠬᠡᠢ ᠪᠤᠯ ᠬᠠᠷᠢᠯᠴᠠᠭ᠎ᠠ ᠶᠠᠪᠤᠯᠴᠠᠭ᠎ᠠ ᠠᠶᠠᠨᠳᠠᠭᠠᠨ ᠬᠦᠨᠳᠡᠶᠢᠷᠡᠨ᠎ᠡ᠃ ᠡᠶᠢᠮᠦ ᠪᠤᠯᠬᠤᠷ ᠪᠤᠰᠤᠳ  ᠲᠠᠢ ᠰᠠᠨᠠᠭᠠᠴᠢᠯᠠᠭ᠎ᠠ ᠠᠴᠠ ᠪᠡᠨ‌ᠢᠯᠡᠬᠦᠬᠡᠨ ᠣᠶᠢᠷᠠᠳᠣᠵᠦ ᠬᠠᠯᠠᠮᠵᠢᠯᠠᠨ᠂ ᠰᠡᠳᠬᠢᠯ ᠢᠶᠠᠨ ᠢᠯᠡᠳᠬᠡᠵᠦ ᠪᠠᠶᠢᠪᠠᠯ ᠣᠯᠠᠮ ᠳᠣᠲᠣᠨᠣᠰᠤᠭ ᠪᠠᠶᠢᠳᠠᠭ᠃                          ᠢᠳᠡᠬᠡᠮᠵᠢ ᠲᠠᠢ ᠪᠠᠶᠢᠬᠤ ᠳᠠᠯ᠎ᠠ ᠪᠠᠷ᠄ ︽ᠬᠦᠮᠦᠨ ᠶᠠᠪᠤᠪᠠᠯ ᠨᠡᠷ᠎ᠡ ᠪᠠᠨ᠂ ᠭᠠᠯᠠᠭᠤ ᠶᠠᠪᠤᠪᠠᠯ ᠲᠠᠭᠤ ᠪᠠᠨ︾  ᠬᠡᠳᠡᠭ᠃ ᠶᠠᠪᠤᠬᠰᠠᠨ ᠭᠠᠵᠠᠷ ᠬᠢᠭᠰᠡᠨ ᠦᠢᠯᠡᠳᠦᠯ ᠢᠶᠠᠷ ᠶᠠᠮᠠᠷ ᠬᠦᠮᠦᠨ ᠬᠡᠳᠡᠭ ᠨᠢ ᠳᠠᠨᠢᠬᠳᠠᠵᠦ ᠪᠠᠶᠢᠳᠠᠭ ᠶᠤᠮ᠃ ᠡᠶᠢᠮᠦ ᠪᠤᠯᠬᠤᠷ ᠶᠠᠪᠤᠬᠰᠠᠨ ᠭᠠᠵᠠᠷ ᠲᠠᠭᠠᠨ ᠢᠳᠡᠬᠡᠯ ᠳᠠᠭᠠᠭᠠᠵᠦ᠂ ᠬᠢᠭᠰᠡᠨ ᠶᠠᠭᠤᠮᠠᠨ ᠳᠠᠭᠠᠨ ᠬᠠᠷᠢᠭᠤᠴᠠᠵᠦ ᠰᠣᠷᠬᠤ ᠬᠡᠷᠡᠭᠳᠡᠢ᠃                             ᠬᠠᠶᠢᠷ᠎ᠠ ᠰᠡᠳᠬᠢᠯ ᠤᠨ ᠳᠠᠯ᠎ᠠ ᠪᠠᠷ᠄ ᠬᠠᠶᠢᠷᠠᠳᠠᠢ ᠪᠠᠶᠢᠨ᠎ᠠ ᠬᠡᠳᠡᠭ ᠬᠡᠨ ᠨᠢ ᠬᠡᠨ ᠢ ᠪᠠᠨ  ᠦᠬᠡᠷᠡᠴᠢᠯᠡᠭᠰᠡᠨ ᠶᠠᠪᠤᠳᠠᠯ ᠪᠢᠰᠢ᠂ ᠬᠠᠷᠢᠨ ᠬᠡᠨ ᠠᠯᠢᠨ ᠤ ᠪᠠᠨ ᠰᠠᠶᠢᠨ ᠮᠠᠭᠤ ᠪᠤᠶᠤ ᠳᠡᠬᠦᠰ ᠪᠤᠰᠤ ᠲᠠᠯ᠎ᠠ ᠶᠢ ᠦᠨᠡᠨᠴᠢ ᠪᠠᠷ ᠬᠦᠯᠢᠶᠡᠨ ᠵᠦᠪᠰᠢᠶᠡᠷᠡᠵᠦ᠂ ᠬᠠᠷᠢᠯᠴᠠᠨ ᠨᠦᠬᠦᠪᠦᠷᠢᠯᠡᠵᠦ ᠴᠢᠳᠠᠳᠠᠭ ᠠᠴᠠ ᠪᠤᠯᠵᠦ ᠭᠦᠨᠵᠡᠭᠡᠶᠢᠷᠡᠳᠡᠭ ᠶᠤᠮ᠃ ᠬᠠᠷᠢᠨ ᠦᠪᠡᠷ ᠲᠤ ᠴᠢᠨᠢ ᠳᠣᠬᠢᠷᠠᠬᠤ ᠦᠬᠡᠢ‌‍ᠪᠤᠯ ᠡᠷᠳᠡᠬᠡᠨ ᠵᠠᠶᠢᠳᠠᠵᠦ᠂ ᠦᠪᠡᠷ ᠤᠨ ᠬᠢ ᠪᠠᠷ ᠠᠮᠢᠳᠣᠷᠠᠬᠤ ᠨᠢ ᠬᠡᠨ‌ᠠᠯᠢᠨ ᠳᠠᠭᠠᠨ  ᠬᠤᠤᠷ  ᠦᠬᠡᠢ  ᠵᠦᠪ  ᠰᠣᠩᠭᠤᠯᠳᠠ‌‍ᠶᠤᠮ᠃                             ᠴᠠᠭ ᠮᠦᠴᠡ ᠶᠢ ᠠᠰᠢᠬᠯᠠᠬᠤ ᠳᠠᠯ᠎ᠠ ᠪᠠᠷ᠄ ᠴᠠᠭ ᠮᠦᠴᠡ ᠬᠦᠮᠦᠨ ᠢ ᠬᠦᠯᠢᠶᠡᠳᠡᠭ ᠦᠬᠡᠢ᠂ ᠬᠠᠷᠢᠨ  ᠪᠢᠳᠡ  ᠴᠠᠭ‌ᠮᠦ᠋ᠴᠡ ᠶᠢ ᠶᠠᠭᠠᠬᠢᠵᠦ ᠠᠰᠢᠬᠯᠠᠬᠤ ᠪᠤᠢ︖ ᠬᠡᠳᠡᠭ ᠢᠶᠠᠷ  ᠪᠢᠳᠡᠨ ᠤ  ᠠᠮᠢᠳᠣᠷᠠᠯ ᠳᠣᠬᠳᠠᠭᠠᠬᠳᠠᠳᠠᠭ᠃ ᠶᠠᠭᠤᠮ᠎ᠠ  ᠪᠤᠯᠭᠠᠨ ᠢ ᠬᠤᠶᠢᠰᠢᠯᠠᠭᠤᠯᠵᠦ ᠤᠳᠠᠭᠠᠭᠠᠳ ᠳᠠᠷᠠᠭ᠎ᠠ ᠨᠢ ᠤᠪᠤᠭᠠᠷᠠᠭᠠᠳ ᠢᠷᠡᠬᠦ ᠪᠠᠷ ᠨᠢ ᠶᠠᠭᠠᠷᠠᠵᠦ ᠰᠠᠨᠳᠤᠷᠤᠨ ᠶᠠᠭᠤᠮ᠎ᠠ ᠬᠢᠬᠦ ᠨᠢ ᠳᠡᠮᠡᠢ‌ᠯᠡ ᠳ᠋ᠠ᠃ ᠡᠶᠢᠮᠦ ᠠᠴᠠ ᠬᠤᠷᠣᠮ ᠪᠦᠷᠢ ᠶᠢ ᠳᠣᠬᠢᠳᠠᠢ ᠠᠰᠢᠬᠯᠠᠵᠦ᠂ ᠬᠢᠬᠦ ᠶᠠᠭᠤᠮ᠎ᠠ ᠪᠠᠨ ᠴᠠᠭ ᠲᠤ ᠨᠢ ᠬᠢᠵᠦ ᠬᠦᠢᠴᠡᠳᠭᠡᠨ᠂ ᠴᠠᠭ ᠮᠦᠴᠡ ᠶᠢ ᠬᠤᠭᠤᠰᠣᠨ ᠦᠩᠭᠡᠷᠡᠬᠦᠯᠬᠦ ᠦᠬᠡᠢ ᠪᠠᠶᠢᠬᠤ ᠶᠢ ᠰᠠᠨᠠᠭᠤᠯᠵᠦ ᠪᠠᠶᠢᠨ᠎ᠠ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号