ᠨᠠᠶᠢᠳᠠᠪᠤᠷᠢᠲᠠᠢ ᠬᠦᠮᠦᠰ ᠪᠦᠷ ᠡᠶᠢᠮᠦ ᠳᠥᠷᠪᠡᠨ ᠣᠨᠴᠠᠯᠢᠭ ᠲᠠᠢ ᠪᠠᠶᠢᠳᠠᠭ
ᠨᠡᠶᠢᠲᠡᠯᠡᠭᠰᠡᠨ ᠴᠠᠭ᠄
2023/3/20
      ᠵᠣᠷᠢᠭᠲᠠᠶ ᠪᠠᠷ ᠬᠠᠷᠢᠭᠤᠴᠠᠯᠭ᠎ᠠ ᠡᠭᠦᠷᠭᠡᠯᠡᠬᠦ                              ︽ᠨᠢᠭᠡ ᠬᠥᠮᠦᠨ ᠤ ᠨᠠᠶᠢᠳᠠᠪᠤᠷᠢᠲᠠᠶ ᠡᠰᠡᠬᠦ ᠶᠢ ᠣᠶᠢᠯᠠᠭᠠᠬᠤ ᠳᠤ ᠲᠡᠭᠦᠨ ᠢᠶᠠᠷ  ᠬᠠᠷᠢᠭᠤᠴᠠᠯᠭ᠎ᠠ ᠡᠭᠦᠷᠭᠡᠯᠡᠭᠦᠯᠬᠦ  ᠪᠣᠯ ᠬᠠᠮᠤᠭ ᠤᠨ ᠪᠦᠲᠦᠮᠵᠢᠲᠡᠶ ᠠᠷᠭ᠎ᠠ ᠶᠤᠮ︾ ᠭᠡᠰᠡᠨ ᠦᠭᠡ ᠪᠠᠶᠢᠳᠠᠭ᠃ ᠨᠠᠶᠢᠳᠠᠪᠤᠷᠢᠲᠠᠢ ᠬᠦᠮᠦᠨ ᠬᠦᠴᠢᠷ ᠪᠡᠷᠬᠡᠰᠢᠶᠡᠯ ᠠᠴᠠ ᠬᠠᠯᠠᠰᠢᠷᠠᠳᠠᠭ ᠦᠭᠡᠢ᠂ ᠰᠠᠨᠠᠭᠠᠴᠢᠯᠠᠭ᠎ᠠ ᠠᠴᠠ ᠪᠠᠨ ᠬᠠᠷᠢᠭᠤᠴᠠᠯᠭ᠎ᠠ ᠡᠭᠦᠷᠭᠡᠯᠡᠵᠦ᠂ ᠠᠰᠠᠭᠤᠳᠠᠯ ᠢ  ᠰᠢᠢᠳᠪᠦᠷᠢᠯᠡᠬᠦ ᠠᠷᠭ᠎ᠠ ᠶᠢ ᠢᠳᠡᠪᠬᠢᠲᠡᠶ ᠪᠣᠳᠣᠯᠬᠢᠯᠠᠳᠠᠭ᠃                           ᠠᠳᠠᠯᠢ ᠪᠤᠰᠤ ᠨᠠᠰᠤᠨ ᠳᠤ ᠠᠳᠠᠯᠢ ᠪᠤᠰᠤ ᠶᠢᠨ ᠬᠠᠷᠢᠭᠤᠴᠠᠯᠭ᠎ᠠ ᠲᠠᠢ᠂ ᠨᠡᠶᠢᠭᠡᠮ ᠤᠨ ᠳᠦᠷᠢ ᠨᠢᠭᠡᠪᠦᠷᠢ ᠶᠢᠨ ᠠᠷᠤ ᠳᠤ ᠴᠤ ᠠᠳᠠᠯᠢ ᠪᠤᠰᠤ ᠶᠢᠨ ᠱᠠᠭᠠᠷᠳᠠᠯᠭ᠎ᠠ ᠲᠠᠢ ᠪᠠᠶᠢᠳᠠᠭ᠃ ᠬᠠᠷᠢᠭᠤᠴᠠᠯᠭ᠎ᠠ ᠲᠠᠢ ᠬᠥᠮᠦᠨ ᠰᠠᠶ᠋ᠢ ᠳᠡᠷᠭᠡᠳᠡᠬᠢ ᠬᠥᠮᠥᠰ ᠲᠡᠭᠡᠨ ᠠᠮᠤᠷ ᠲᠦᠪᠰᠢᠨ ᠲᠦᠷᠦᠭᠳᠡᠯ ᠣᠯᠭᠤᠨ᠎ᠠ᠃                                     ᠴᠢᠳᠠᠯ ᠤᠨ ᠬᠢᠷᠢ ᠪᠠᠷ ᠢᠶᠠᠨ ᠠᠵᠢᠯᠯᠠᠬᠤ                             ᠵᠠᠷᠢᠮ ᠬᠥᠮᠦᠨ ᠠᠵᠢᠯ ᠬᠢᠬᠦ ᠳᠡᠭᠡᠨ ᠬᠠᠰᠢ ᠶᠠᠰᠢ ᠪᠠᠷ ᠠᠯᠪᠠ ᠬᠠᠰᠢᠵᠤ᠂ ᠠᠷᠭᠠᠴᠠᠭᠠᠬᠤ ᠳᠤᠷᠠᠲᠠᠶ ᠪᠠᠶᠢᠳᠠᠭ᠃ ᠦᠨᠡᠨ‌‍ᠬᠦ ᠢᠲᠡᠭᠡᠯ ᠵᠢᠷᠤᠮ ᠢ ᠡᠷᠬᠢᠮᠯᠡᠳᠡᠭ ᠬᠥᠮᠦᠨ ᠠᠵᠢᠯ ᠶᠠᠪᠤᠳᠠᠯ ᠬᠢᠬᠦ ᠳᠡᠭᠡᠨ ᠨᠠᠷᠢᠨ ᠬᠢᠨᠠᠮᠠᠭᠠᠶ ᠪᠠᠶᠢᠵᠤ᠂ ᠤᠴᠢᠷ ᠶᠠᠪᠤᠳᠠᠯ ᠪᠦᠬᠦᠨ ᠢ ᠠᠯᠢ ᠴᠢᠳᠠᠬᠤ ᠪᠠᠷ ᠰᠠᠶᠢᠨ ᠬᠢᠬᠦ ᠪᠠᠷ ᠴᠢᠷᠮᠠᠶᠢᠳᠠᠭ᠃                            ᠶᠠᠪᠤᠳᠠᠯ ᠤᠴᠢᠷ ᠲᠤ ᠬᠠᠨᠳᠤᠬᠤ ᠣᠪᠣᠷ ᠨᠢ ᠬᠢᠷᠢ ᠵᠡᠷᠭᠡ ᠬᠤᠯᠠ ᠶᠠᠪᠤᠬᠤ ᠶᠢ ᠲᠣᠭᠲᠠᠭᠠᠨ᠎ᠠ᠃ ᠣᠯᠠᠩᠬᠢ ᠳ᠋ᠠᠭᠠᠨ‌ᠤᠴᠢᠷ ᠶᠠᠪᠤᠳᠠᠯ ᠢ ᠠᠮᠵᠢᠯᠲᠠᠲᠠᠶ ᠪᠠᠷ ᠪᠡᠶᠡᠯᠡᠭᠦᠯᠬᠦ ᠳᠤ ᠭᠠᠭᠴᠠᠬᠠᠨ ᠲᠤᠰᠬᠠᠶ ᠮᠡᠷᠭᠡᠵᠢᠯ ᠤᠨ ᠴᠢᠳᠠᠪᠤᠷᠢ ᠳᠤ ᠯᠡ ᠲᠦᠰᠢᠭᠯᠡᠬᠦ‌‍ᠪᠢᠰᠢ᠂ ᠬᠠᠷᠢᠨ ᠬᠢᠷᠢ ᠵᠡᠷᠭᠡ ᠰᠡᠳᠬᠢᠯ ᠭᠠᠷᠭᠠᠭᠰᠠᠨ ᠲᠠᠢ ᠬᠤᠯᠪᠤᠭ᠎ᠠ ᠲᠠᠢ ᠪᠠᠶᠢᠳᠠᠭ᠃                                     ᠠᠮᠠᠯᠠᠯᠲᠠ ᠪᠠᠨ ᠪᠠᠲᠤ ᠰᠠᠬᠢᠬᠤ                           ᠠᠮᠢᠳᠤᠷᠠᠯ ᠳᠤᠮᠳᠠ᠂ ᠵᠠᠷᠢᠮ ᠬᠥᠮᠦᠨ ᠶᠡᠷᠦ ᠨᠢ ︽ᠨᠠᠳᠠ ᠳᠤ ᠨᠠᠶᠢᠳᠠᠴᠢᠬ᠎ᠠ︾ ᠭᠡᠵᠦ ᠬᠡᠯᠡᠬᠦ ᠳᠤᠷᠠᠲᠠᠶ ᠪᠠᠶᠢᠳᠠᠭ᠃ ᠭᠡᠲᠡᠯ᠎ᠡ ᠬᠡᠰᠡᠭ ᠬᠤᠭᠤᠴᠠᠭ᠎ᠠ ᠥᠩᠭᠡᠷᠡᠭᠰᠡᠨ ᠤ  ᠳᠠᠷᠠᠭ᠎ᠠ ᠲᠡᠳᠡᠨ ᠠᠴᠠ ᠠᠮᠠᠯᠠᠯᠲᠠ ᠪᠠᠨ ᠪᠡᠶᠡᠯᠡᠭᠦᠯᠵᠦ ᠳᠡᠶᠢᠯᠬᠦ ᠡᠰᠡᠬᠦ ᠶᠢ ᠠᠰᠠᠭᠤᠬᠤ ᠳᠤ᠂ ᠲᠡᠳᠡ ᠦᠷᠭᠦᠯᠵᠢ ᠡᠯᠳᠡᠪ ᠵᠦᠢᠯ ᠤᠨ ᠰᠢᠯᠲᠠᠭ ᠬᠡᠯᠡᠵᠤ ᠤᠳᠠᠭᠠᠰᠢᠷᠠᠭᠤᠯᠤᠭᠠᠳ  ᠡᠴᠦᠰ ᠲᠡᠭᠡᠨ  ᠬᠠᠰᠢ‌‍ᠶᠠᠰᠢ ᠪᠠᠷ ᠬᠠᠶᠠᠳᠠᠭ᠃                             ᠦᠨᠡᠨᠴᠢ ᠢᠲᠡᠭᠡᠯ ᠲᠠᠢ ᠭᠦᠮᠦᠨ ᠬᠡᠵᠢᠶ᠎ᠡ ᠴᠤ ᠬᠦᠮᠦᠨ ᠢ ᠬᠦᠰᠡᠷᠳᠡᠭᠦᠯᠬᠦ ᠦᠭᠡᠢ  ᠶᠣᠮ᠃  ᠨᠢᠭᠡ ᠪᠣᠯ ᠠᠮᠠᠷᠬᠠᠨ ᠠᠮᠠᠯᠠᠵᠤ ᠪᠣᠯᠬᠤ ᠥᠬᠡᠶ᠂ ᠨᠢᠭᠡ  ᠪᠣᠯ ᠬᠡᠯᠡᠭᠰᠡᠨ ᠳᠡᠭᠡᠨ  ᠬᠦᠷᠬᠦ ᠬᠡᠷᠡᠭᠲᠡᠢ᠃ ᠦᠭᠡ ᠶᠠᠷᠢᠶ᠎ᠠ ᠦᠢᠯᠡ ᠠᠵᠢᠯᠯᠠᠭ᠎ᠠ ᠪᠠᠨ‌ᠨᠢᠭᠡᠳᠬᠡᠭᠰᠡᠨ ᠬᠥᠮᠦᠰ ᠰᠠᠶ᠋ᠢ ᠰᠠᠶᠢᠨ ᠰᠠᠶᠢᠬᠠᠨ ᠨᠡᠷ᠎ᠡ ᠠᠯᠳᠠᠷ ᠢᠶᠠᠨ ᠦᠯᠡᠳᠡᠭᠡᠵᠦ᠂ ᠨᠡᠩ ᠤᠯᠠᠨ ᠠᠵᠠ  ᠲᠣᠬᠢᠶᠠᠯ ᠢ ᠣᠯᠵᠤ‌‍ᠴᠢᠳᠠᠨ᠎ᠠ᠃                             ᠬᠥᠮᠦᠨ ᠴᠢᠨᠠᠷ ᠨᠢ ᠲᠥᠪ ᠭᠤᠣᠯᠴᠢ                            ᠴᠢᠨᠦ ᠰᠡᠴᠡᠨ ᠰᠡᠷᠭᠦᠯᠡᠩ ᠪᠠ ᠠᠪᠢᠶᠠᠰ ᠴᠢᠳᠠᠪᠤᠷᠢ ᠴᠢᠨᠤ ᠶᠠᠭᠤ ᠣᠯᠵᠤ ᠴᠢᠳᠠᠬᠤ ᠶᠢ ᠲᠣᠭᠲᠠᠭᠠᠨ᠎ᠠ᠂ ᠭᠡᠲᠡᠯ᠎ᠡ ᠴᠢᠨᠦ ᠬᠥᠮᠦᠨ ᠴᠢᠨᠠᠷ ᠴᠢᠨᠢ ᠬᠠᠷᠢᠨ ᠬᠠᠮᠢᠭ᠎ᠠ ᠬᠦᠷᠬᠦ ᠶᠢ ᠴᠢᠨᠢ ᠲᠣᠭᠲᠠᠭᠠᠨ᠎ᠠ ᠭᠡᠰᠡᠨ ᠦᠭᠡ ᠪᠠᠶᠢᠳᠠᠭ᠃ ᠬᠥᠮᠦᠨ ᠴᠢᠨᠠᠷ  ᠪᠣᠯ  ᠨᠢᠭᠡ ᠬᠥᠮᠦᠨ ᠤ ᠬᠠᠮᠤᠭ ᠤᠨ ᠦᠨᠡᠲᠡᠶ ᠵᠦᠢᠯ ᠶᠣᠮ᠃                            ᠨᠠᠶᠢᠳᠠᠪᠤᠷᠢᠲᠠᠶ ᠬᠥᠮᠦᠨ ᠪᠣᠯ ᠠᠵᠢᠯ  ᠶᠠᠪᠤᠳᠠᠯ  ᠬᠢᠬᠦ ᠳᠡᠭᠡᠨ ᠲᠥᠪ ᠰᠢᠯᠤᠭᠤᠨ ᠪᠥᠭᠡᠳ ᠨᠠᠭᠠᠳᠤ  ᠵᠠᠬ᠎ᠠ ᠶᠢᠨ ᠪᠠᠷᠢᠮᠵᠢᠶ᠎ᠠ ᠲᠠᠢ ᠪᠠᠶᠢᠳᠠᠭ᠂ ᠠᠰᠢᠭ ᠦᠵᠡᠪᠡᠯ ᠵᠢᠷᠤᠮ ᠢ ᠲᠡᠷᠰᠯᠡᠬᠦ ᠶᠠᠪᠤᠳᠠᠯ ᠬᠢᠬᠦ ᠥᠬᠡᠶ ᠶᠤᠮ᠃                            ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠵᠦ᠂ ᠠᠵᠢᠯ ᠶᠠᠪᠤᠳᠠᠯ ᠬᠢᠬᠦ ᠳᠡᠭᠡᠨ ᠴᠢᠳᠠᠯ ᠤᠨ ᠬᠢᠷᠢ ᠪᠠᠷ ᠢᠶᠠᠨ ᠴᠢᠷᠮᠠᠶᠢᠵᠤ᠂ ᠠᠮᠠᠯᠠᠯᠲᠠ ᠪᠠᠨ ᠪᠠᠲᠤ ᠰᠠᠬᠢᠵᠤ᠂ ᠬᠥᠮᠦᠨ ᠴᠢᠨᠠᠷ ᠢᠶᠠᠨ ᠲᠥᠪ ᠪᠠᠶᠢᠯᠭᠠᠬᠤ ᠨᠢ ᠠᠯᠢᠪᠠ ᠤᠷᠠᠨ ᠦᠭᠡ ᠠᠴᠠ ᠦᠨᠡᠲᠡᠢ ᠪᠢᠯᠡ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号