ᠴᠡᠴᠡᠭ ᠤᠨ ᠲᠤᠭᠤᠰᠤᠨ ᠳᠤ ᠬᠠᠷᠰᠢᠬᠤ ᠠᠴᠠ ᠬᠡᠷᠭᠢᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2023/3/12
    ᠬᠠᠪᠤᠷ ᠪᠤᠯᠵᠦ ᠬᠠᠮᠤᠭ ᠪᠤᠳᠠᠰ ᠠᠮᠢᠯᠠᠨ ᠰᠡᠷᠭᠦᠵᠦ᠂ ᠤᠮᠠᠷᠠᠳᠤ ᠤᠷᠤᠨ ᠵᠠᠯᠭᠠᠪᠡᠷ ᠴᠡᠴᠡᠭ ᠤᠨ ᠲᠤᠭᠤᠰᠤ ᠲᠡᠭᠳᠡᠬᠦ ᠤᠷᠬᠢᠯ ᠦᠶ᠎ᠡ ᠳᠤ ᠤᠷᠤᠬᠤ ᠶᠢ ᠲᠠᠭᠠᠯᠳᠤᠨ ᠤᠳᠤ ᠮᠠᠰᠢ ᠤᠯᠠᠨ ᠬᠦᠮᠦᠨ ᠬᠠᠷᠰᠢᠬᠤ ᠢᠯᠡᠷᠡᠯ ᠭᠠᠷᠴᠤ ᠪᠠᠶᠢᠨ᠎ᠠ᠃                      ᠲᠡᠭᠡᠪᠡᠯ ᠶᠠᠮᠠᠷ ᠶᠠᠮᠠᠷ ᠴᠡᠴᠡᠭ ᠤᠨ ᠲᠤᠭᠤᠰᠤ ᠨᠢ ᠬᠦᠮᠦᠰ ᠲᠤ  ᠬᠠᠷᠰᠢᠯ ᠡᠭᠦᠰᠭᠡᠳᠡᠭ ᠪᠤᠢ︖  ᠴᠡᠴᠡᠭ ᠤᠨ ᠲᠤᠭᠤᠰᠤ ᠠᠴᠠ ᠬᠠᠷᠰᠢᠬᠤ ᠶᠢ ᠬᠡᠷᠭᠢᠨ ᠰᠡᠷᠭᠡᠶᠢᠯᠡᠨ ᠵᠠᠰᠠᠬᠤ ᠪᠤᠢ︖                      ᠦᠨᠡᠨ ᠳᠡᠭᠡᠨ  ᠬᠦᠮᠦᠨ ᠤ  ᠪᠡᠶ᠎ᠡ ᠳᠤ ᠬᠠᠷᠰᠢᠯ ᠡᠭᠦᠰᠭᠡᠳᠡᠭ ᠴᠡᠴᠡᠭ ᠤᠨ ᠲᠤᠭᠤᠰᠤ ᠨᠢ ᠲᠡᠳᠡᠭᠡᠷ ᠦᠩᠭᠡ ᠢᠯᠭᠠᠷᠠᠬᠰᠠᠨ ᠭᠤᠶᠤ ᠴᠡᠴᠡᠭ ᠬᠤᠸᠠᠷ ᠪᠢᠰᠢ᠂ ᠬᠠᠷᠢᠨ ᠴᠡᠴᠡᠭ ᠲᠡᠯᠭᠡᠷᠡᠳᠡᠭ ᠦᠭᠡᠢ ᠮᠤᠳᠤ ᠪᠤᠶᠤ ᠡᠪᠡᠰᠦ ᠤᠷᠭᠤᠮᠠᠯ ᠪᠤᠯᠬᠤ ᠶᠤᠮ᠃ ᠰᠢᠯᠢᠮᠳᠡᠭ᠂ ᠲᠤᠭᠤᠷ᠂ ᠠᠯᠢᠮ᠎ᠠ ᠵᠡᠷᠭᠡ ᠶᠢᠨ ᠴᠡᠴᠡᠭ ᠤᠨ ᠲᠤᠭᠤᠰᠤ ᠨᠢ ᠡᠷᠪᠡᠬᠡᠢ ᠪᠤᠶᠤ ᠵᠦᠬᠡᠢ  ᠵᠡᠷᠭᠡ ᠬᠤᠷᠤᠬᠠᠢ ᠰᠢᠪᠡᠵᠢ ᠪᠠᠷ ᠲᠠᠮᠵᠢᠨ ᠲᠠᠷᠬᠠᠳᠠᠭ ᠪᠦᠭᠡᠳ ᠲᠤᠭᠤᠰᠤ ᠶᠢᠨ ᠮᠦᠭᠦᠯᠢᠭ ᠨᠢ ᠶᠡᠭᠡ᠂ ᠬᠡᠮᠵᠢᠶ᠎ᠡ ᠨᠢ ᠪᠠᠭ᠎ᠠ ᠪᠤᠯᠬᠤᠷ ᠲᠡᠶᠢᠮᠦ ᠬᠢᠯᠪᠠᠷᠬᠠᠨ ᠲᠠᠷᠬᠠᠳᠠᠭ ᠦᠭᠡᠢ᠂ ᠡᠶᠢᠮᠦ ᠠᠴᠠ ᠬᠦᠮᠦᠰ ᠲᠤ ᠬᠢᠯᠪᠠᠷᠬᠠᠨ ᠬᠠᠷᠰᠢᠯ ᠡᠭᠦᠰᠭᠡᠳᠡᠭ ᠦᠭᠡᠢ ᠶᠤᠮ᠃  ᠬᠠᠷᠢᠨ ᠤᠳᠠ‌ᠤᠯᠢᠶᠠᠰᠤ ᠬᠤᠰᠤ ᠮᠠᠶᠢᠯᠠᠰᠦ ᠵᠡᠷᠭᠡ ᠮᠤᠳᠤᠨ ᠤ ᠴᠡᠴᠡᠭ ᠨᠢ ᠵᠢᠵᠢᠭ᠂ ᠲᠤᠭᠤᠰᠤᠨ ᠤ ᠠᠭᠤᠯᠠᠬᠳᠠᠴᠠ ᠨᠢ ᠦᠨᠳᠦᠷ ᠪᠦᠭᠡᠳ ᠭᠦᠩᠬᠡᠨ ᠪᠤᠯᠬᠤᠷ ᠰᠠᠯᠬᠢᠨ ᠤ ᠠᠶ᠎ᠠ ᠪᠠᠷ ᠮᠠᠰᠢ ᠬᠤᠯᠠ ᠭᠠᠵᠠᠷ ᠬᠡᠶᠢᠰᠴᠦ ᠲᠠᠷᠬᠠᠳᠠᠭ᠂ ᠡᠶᠢᠮᠦ ᠠᠴᠠ ᠬᠦᠮᠦᠰ ᠲᠤ ᠤᠯᠠᠨ‌ᠵᠦ᠋ᠢᠯ ᠤᠨ ᠬᠠᠷᠰᠢᠯ ᠡᠭᠦᠰᠭᠡᠳᠡᠭ ᠶᠤᠮ ᠪᠠᠶᠢᠨ᠎ᠠ᠃                    ᠴᠡᠴᠡᠭ ᠤᠨ ᠲᠤᠭᠤᠰᠤᠨ ᠳᠤ ᠬᠠᠷᠰᠢᠪᠠᠯ ᠵᠠᠷᠢᠮ ᠬᠦᠮᠦᠨ ᠤ ᠨᠢᠳᠤ ᠬᠠᠮᠠᠷ ᠵᠠᠭᠠᠲᠤᠨᠠᠬᠤ ᠪᠤᠶᠤ ᠬᠠᠪᠤᠳᠴᠦ ᠤᠯᠠᠶᠢᠬᠤ᠂ ᠬᠠᠮᠠᠷ ᠪᠦᠭᠯᠡᠷᠡᠬᠦ᠂ ᠨᠢᠰᠤ ᠭᠤᠭᠤᠵᠢᠬᠤ᠂ ᠨᠠᠶᠢᠲᠠᠭᠠᠬᠤ ᠵᠡᠷᠭᠡ ᠢᠯᠡᠷᠡᠯ ᠭᠠᠷᠳᠠᠭ᠂ ᠪᠠᠰᠠ ᠠᠷᠠᠰᠤ ᠬᠦᠷᠦᠰᠦᠨ ᠳᠤ ᠪᠢᠵᠢᠷᠡᠥ ᠭᠠᠷᠴᠦ ᠵᠠᠭᠠᠲᠤᠨᠠᠳᠠᠭ᠂ ᠨᠡᠩ ᠬᠡᠴᠡᠭᠦᠦ ᠨᠢ ᠵᠠᠷᠢᠮ ᠬᠦᠮᠦᠨ ᠤ ᠠᠮᠢᠰᠬᠤᠯ ᠨᠢ ᠴᠢᠬᠤᠯᠳᠠᠬᠤ  ᠪᠤᠶᠤ ᠲᠦᠷᠭᠡᠨ  ᠴᠢᠨᠠᠷ ᠲᠠ᠊ ‍ᠢ‌ᠠᠭᠰᠠᠭ᠎ᠠ ᠪᠣᠯᠳᠠᠭ᠃                                      ᠠᠮᠠᠷᠬᠠᠨ ᠬᠠᠷᠰᠢᠳᠠᠭ ᠬᠦᠮᠦᠰ ᠴᠡᠴᠡᠭ ᠤᠨ ᠲᠤᠭᠤᠰᠤ ᠶᠡᠬᠡᠳᠡᠢ ᠴᠡᠴᠡᠷᠯᠢᠭ ᠪᠤᠶᠤ ᠭᠡᠭᠡᠷ᠎ᠡ ᠭᠠᠳᠠᠨ᠎ᠠ ᠠᠯᠢ ᠴᠢᠳᠠᠬᠤ ᠪᠠᠷ ᠣᠴᠢᠬᠤ ᠦᠭᠡᠢ ᠪᠠᠶᠢᠵᠤ᠂ ᠭᠡᠷ ᠲᠤᠳᠤᠷ᠎ᠠ ᠪᠠᠨ  ᠬᠦᠳᠡᠯᠭᠡᠭᠡᠨ ᠬᠢᠪᠡᠯ ᠵᠤᠬᠢᠨ᠎ᠠ᠃  ᠭᠠᠳᠠᠨ᠎ᠠ ᠭᠠᠷᠬᠤ ᠳ᠋ᠠᠭᠠᠨ‌ᠠᠮᠠᠪᠴᠢ᠂ ᠨᠢᠭᠤᠷ ᠤᠨ ᠪᠦᠲᠡᠭᠡᠯᠭᠡ᠂ ᠨᠢᠳᠤᠨ ᠰᠢᠯ ᠵᠡᠷᠭᠡ ᠶᠢ ᠵᠡᠭᠦᠵᠦ᠂ ᠭᠡᠷ ᠲᠡᠭᠡᠨ ᠬᠠᠷᠢᠬᠰᠠᠨ ᠤ ᠲᠠᠷᠠᠭ᠎ᠠ ᠬᠠᠮᠠᠷ  ᠠᠮᠠ᠂ ᠨᠢᠭᠤᠷ ᠴᠢᠷᠠᠢ ᠪᠤᠯᠤᠨ ᠬᠤᠪᠴᠠᠰᠤ ᠬᠤᠨᠠᠷ ᠢᠶᠠᠨ ᠤᠬᠢᠶᠠᠵᠦ  ᠠᠷᠢᠭᠤᠳᠬᠠᠬᠤ ᠴᠢᠬᠤᠯᠠᠳᠠᠢ᠃ ᠡᠭᠦᠨ ᠤ ᠬᠠᠮᠳᠤ ᠪᠠᠰᠠ ᠬᠠᠷᠰᠢᠯ ᠠᠴᠠ ᠰᠡᠷᠭᠡᠶᠢᠯᠡᠬᠦ ᠬᠠᠮᠢᠶᠠᠳᠠᠢ ᠡᠮ  ᠲᠠᠩ ᠢ ᠤᠷᠢᠳᠴᠢᠯᠠᠨ ᠭᠡᠷᠡᠭᠯᠡᠵᠦ᠂ ᠡᠪᠡᠳᠴᠢᠨ ᠬᠦᠨᠳᠦᠷᠪᠡᠯ ᠲᠠᠷᠤᠶᠢᠬᠠᠨ‌ᠡᠮᠨᠡᠯᠬᠡ ᠳᠤ ᠬᠦᠷᠴᠦ ᠡᠮᠨᠡᠭᠦᠯᠬᠦ ᠴᠢᠬᠤᠯᠠᠳᠠᠢ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号