ᠬᠦᠨᠳᠡᠯᠡᠨ ᠢᠶᠠᠷ ᠲᠣᠭᠤᠷᠢᠵᠤ᠂ ᠴᠡᠩᠬᠡᠨ ᠪᠠᠶᠠᠰᠬᠤᠢ
ᠨᠡᠶᠢᠲᠡᠯᠡᠭᠰᠡᠨ ᠴᠠᠭ᠄
2023/8/17
    1.ᡁᠢ ᠮᠠ ᠺᠠᠢ ᠮᠧᠨ ᠤᠰᠤᠨ ᠳᠡᠭᠡᠷᠡᠬᠢ ᠸᠧᠨᠧᠼᠢᠶ᠎ᠠ —      ᡁᠢ ᠮᠠ ᠺᠠᠢ ᠮᠧᠨ ᠤᠰᠤᠨ ᠳᠡᠭᠡᠷᠡᠬᠢ ᠸᠧᠨᠧᠼᠢᠶ᠎ᠠ ᠪᠣᠯ ᠨᠢᠭᠡᠨ ᠲᠣᠮᠣ ᠬᠡᠯᠪᠡᠷᠢ ᠶᠢᠨ ᠭᠡᠷ ᠳᠣᠲᠣᠷᠠᠬᠢ ᠭᠤᠣᠯ ᠰᠡᠳᠦᠪᠲᠦ ᠤᠰᠤᠨ ᠳᠡᠭᠡᠷᠡᠬᠢ ᠴᠡᠩᠬᠡᠯ ᠤᠨ ᠬᠦᠷᠢᠶᠡᠯᠡᠩ ᠪᠣᠯᠤᠨ᠎ᠠ᠃ ᠴᠡᠩᠭᠡᠯ ᠤᠨ ᠬᠦᠷᠢᠶᠡᠯᠡᠩ ᠳᠤ ᠰᠠᠨᠰᠠᠷ ᠤᠨ ᠣᠷᠬᠢᠴᠠ᠂ ᠲᠦᠷᠭᠡᠨ ᠳᠠᠪᠬᠢᠬᠤ ᠤᠷᠤᠯᠳᠤᠭᠠᠨ ᠤ ᠭᠤᠯᠭᠤᠭᠤᠷ ᠱᠠᠲᠤ᠂ ᠥᠨᠳᠥᠷ ᠬᠤᠷᠳᠤᠴᠠᠲᠤ ᠬᠠᠮ ᠭᠤᠯᠭᠤᠭᠤᠷ ᠱᠠᠲᠤ᠂ ᠫᠤᠤ ᠶᠢᠨ ᠬᠤᠩᠭᠢᠶ᠎ᠠ ᠠᠷᠠᠰᠤᠨ ᠰᠠᠯ ᠭᠤᠯᠭᠤᠭᠤᠷ ᠱᠠᠲᠤ᠂ ᠬᠡᠦᠬᠡᠳ ᠤᠨ ᠬᠠᠮ ᠭᠤᠯᠭᠤᠭᠤᠷ ᠱᠠᠲᠤ᠂ ᠦᠨᠳᠦᠷ ᠳᠠᠪᠠᠯᠭᠠᠨ ᠡᠭᠦᠰᠭᠡᠬᠦ ᠲᠡᠯᠡᠶ ᠶᠢᠨ ᠢᠰᠬᠡᠷᠦᠯᠲᠡ ᠶᠢᠨ ᠲᠠᠲᠠᠭᠠᠯ᠂ ᠬᠥᠪᠪᠥᠮᠡᠯ    ᠭᠤᠤᠯ᠂ ᠠᠪᠤᠷᠭᠤ ᠶᠡᠭᠡ ᠦᠶᠡᠷ ᠤᠨ ᠬᠠᠪᠴᠢᠯ᠂ ᠭᠠᠶᠢᠬᠠᠮᠰᠢᠭᠲᠤ ᠲᠣᠮᠣ ᠬᠡᠯᠪᠡᠷᠢ ᠶᠢᠨ ᠤᠰᠤᠨ ᠴᠠᠶᠢᠵᠠ᠂ ᠬᠡᠦᠬᠡᠳ ᠤᠨ ᠤᠰᠤᠨ ᠲᠣᠭᠯᠠᠭᠠᠮ᠂ ᠡᠴᠢᠭᠡ ᠡᠬᠡ ᠦᠷ᠎ᠡ ᠬᠡᠦᠬᠡᠳ ᠤᠨ ᠬᠦᠳᠡᠯᠦᠯᠴᠡᠭᠡ ᠶᠢᠨ ᠲᠣᠮᠣ ᠪᠦᠷᠢᠶ᠎ᠡ᠂ ᠡᠴᠢᠭᠡ ᠡᠬᠡ ᠦᠷ᠎ᠡ ᠬᠡᠦᠬᠡᠳ ᠤᠨ ᠬᠦᠳᠡᠯᠦᠯᠴᠡᠭᠡ ᠶᠢᠨ ᠤᠰᠤᠨ ᠳᠡᠭᠡᠷᠡᠬᠢ ᠲᠣᠭᠯᠠᠯᠲᠠ ᠶᠢᠨ ᠠᠭᠤᠳᠠᠮ ᠲᠠᠯᠠᠪᠠᠶ᠂ ᠤᠰᠤᠨ ᠵᠠᠰᠠᠯ ᠤᠨ ᠲᠠᠲᠠᠭᠠᠯ᠂ ᠴᠥᠭᠦᠷᠥᠮ᠂ ᠤᠮᠪᠠᠯᠲᠠ ᠶᠢᠨ ᠲᠠᠲᠠᠭᠠᠯ᠂ ᠤᠨᠴᠠᠯᠢᠭᠳᠤ ᠤᠰᠤᠨ ᠤ ᠪᠠᠭᠠᠷ ᠵᠡᠷᠭᠡ ᠵᠤᠭ᠎ᠠ ᠴᠡᠩᠭᠡᠯ ᠰᠡᠯᠡᠭᠦᠴᠡᠯ ᠤᠨ ᠲᠤᠨᠤᠭ ᠲᠥᠬᠦᠭᠡᠷᠦᠮᠵᠢ ᠶᠢ ᠪᠦᠷᠢᠯᠳᠦᠬᠦᠯᠦᠭᠰᠡᠨ ᠪᠤᠭᠤᠲᠤ ᠶᠢᠨ ᠡᠷᠬᠢᠨ ᠲᠣᠭᠤᠷᠢᠨ ᠤ ᠭᠠᠵᠠᠷ ᠣᠷᠣᠨ ᠤ ᠰᠡᠯᠡᠭᠦᠴᠡᠨ ᠵᠤᠭᠠᠯᠠᠬᠤ᠂ ᠤᠰᠤᠨ ᠳᠡᠭᠡᠷᠡᠬᠢ ᠵᠤᠭ᠎ᠠ ᠴᠡᠩᠭᠡᠯ᠂ ᠡᠴᠢᠭᠡ ᠡᠬᠡ ᠦᠷ᠎ᠡ ᠬᠡᠦᠬᠡᠳ ᠤᠨ ᠬᠦᠳᠡᠯᠦᠯᠴᠡᠭᠡ ᠶᠢᠨ ᠵᠤᠭ᠎ᠠ ᠴᠡᠩᠭᠡᠯ ᠢ ᠡᠳ᠋ᠯᠡᠬᠦ ᠰᠢᠨ᠎ᠡ ᠭᠠᠵᠠᠷ ᠪᠣᠯᠤᠨ᠎ᠠ᠃       ᠪᠠᠶᠢᠭ᠎ᠠ ᠭᠠᠵᠠᠷ᠄ ᠬᠥᠨᠳᠡᠯᠡᠨ ᠶᠡᠭᠡ ᠬᠥᠭᠦᠷᠭᠡ ᠠᠴᠠ ᠪᠠᠷᠠᠭᠤᠨᠰᠢ ᠬᠤᠶᠠᠷ ᠺᠢᠯᠦᠮᠧᠲᠷ ᠤᠨ ᠬᠡᠰᠡᠭ ᠲᠤ᠂ ᠪᠡᠭᠡᠵᠢᠩ ᠠᠴᠠ ᠲᠥᠪᠡᠳ ᠬᠦᠷᠬᠦ ᠲᠦᠷᠬᠡᠨ ᠤ ᠵᠠᠰᠠᠮᠠᠯ ᠵᠠᠮ ᠤᠨ ᠪᠤᠭᠤᠲᠤ ᠶᠢᠨ ᠪᠣᠯᠣᠳ ᠲᠡᠮᠦᠷ ᠤᠨ ᠬᠡᠰᠡᠭ ᠲᠠᠬᠢ ᠭᠠᠷᠬᠤ ᠡᠬᠦᠳᠡ ᠶᠢᠨ 110 ᠤᠯᠤᠰ ᠤᠨ ᠵᠠᠮ ᠠᠴᠠ ᠵᠡᠭᠦᠨᠰᠢ ᠬᠤᠶᠠᠷ ᠺᠢᠯᠦᠮᠧᠲᠷ ᠤᠨ ᠭᠠᠵᠠᠷ ᠲᠤ       2.ᠪᠤᠭᠤᠲᠤ ᠶᠢᠨ ᠴᠡᠩᠭᠡᠯ ᠤᠨ ᠬᠦᠷᠢᠶᠡᠯᠡᠩ —     ᠪᠤᠭᠤᠲᠤ ᠶᠢᠨ ᠴᠡᠩᠭᠡᠯ ᠤᠨ ᠬᠦᠷᠢᠶᠡᠯᠡᠩ ᠪᠣᠯ ᠬᠡᠷ ᠳᠣᠲᠣᠷᠠᠬᠢ ᠵᠤᠭ᠎ᠠ ᠴᠡᠩᠭᠡᠯ᠂ ᠬᠡᠷ ᠤᠨ ᠭᠠᠳᠠᠨᠠᠬᠢ ᠨᠠᠭᠠᠳᠤᠮ ᠲᠤᠬᠯᠠᠭᠠᠮ᠂ ᠰᠣᠶᠣᠯ ᠤᠨ ᠵᠤᠭ᠎ᠠ ᠴᠡᠩᠭᠡᠯ᠂ ᠰᠣᠶᠣᠯ ᠪᠡᠶ᠎ᠡ ᠶᠢᠨ ᠲᠠᠮᠢᠷ ᠰᠡᠯᠡᠭᠦᠴᠡᠯ᠂ ᠰᠢᠨᠵᠢᠯᠡᠬᠦ ᠤᠬᠠᠭᠠᠨ ᠤ ᠮᠡᠳᠡᠯᠬᠡ ᠶᠢ ᠲᠦᠭᠡᠮᠡᠯᠵᠢᠭᠦᠯᠬᠦ ᠬᠥᠮᠦᠵᠢᠯ᠂ ᠴᠡᠴᠡᠷᠯᠢᠭ ᠤᠨ ᠦᠵᠡᠮᠵᠢ ᠪᠠ ᠶᠡᠷᠦᠩᠬᠡᠶᠢᠯᠡᠭᠰᠡᠨ ᠦᠶᠯᠡᠴᠢᠯᠡᠭᠡ ᠶᠢ ᠨᠢᠭᠡ ᠴᠣᠭᠴᠠᠵᠢᠭᠤᠯᠤᠭᠰᠠᠨ᠂ ᠡᠳᠦᠷ ᠰᠥᠨᠢ ᠶᠢ ᠬᠤᠤᠰᠯᠠᠭᠤᠯᠤᠬᠰᠠᠨ ᠵᠤᠭ᠎ᠠ ᠴᠡᠩᠭᠡᠯ ᠢ ᠨᠢᠭᠡ ᠴᠣᠭᠴᠠ ᠪᠣᠯᠭᠠᠭᠰᠠᠨ ᠲᠣᠮᠣ ᠬᠡᠯᠪᠡᠷᠢ ᠶᠢᠨ ᠣᠲᠣ ᠦᠶ᠎ᠡ ᠶᠢᠨ ᠭᠤᠤᠯ ᠰᠡᠳᠦᠪᠳᠤ ᠵᠤᠭ᠎ᠠ ᠴᠡᠩᠭᠡᠯ ᠤᠨ ᠬᠦᠷᠢᠶᠡᠯᠡᠩ ᠮᠥᠨ᠂ ᠬᠥᠮᠦᠰ ᠤᠨ ᠠᠮᠠᠷᠠᠬᠤ᠂ ᠰᠡᠯᠡᠭᠦᠴᠡᠬᠦ᠂ ᠵᠤᠭ᠎ᠠ ᠴᠡᠩᠭᠡᠯ ᠢ ᠡᠳ᠋ᠯᠡᠬᠦ ᠬᠠᠮᠤᠭ ᠤᠨ ᠰᠠᠶᠢᠨ ᠵᠢᠭᠤᠯᠴᠢᠯᠠᠯ ᠤᠨ ᠲᠠᠯᠠᠪᠤᠷ ᠭᠠᠵᠠᠷ ᠮᠥᠨ᠃ ᠬᠦᠷᠢᠶᠡᠯᠡᠩ ᠲᠣᠭᠤᠷᠢᠭ ᠨᠢ ᠪᠠᠶᠠᠯᠢᠭ ᠠᠭᠤᠯᠭ᠎ᠠ ᠪᠦᠬᠦᠢ ᠨᠠᠭᠠᠳᠤᠮ ᠲᠤᠬᠯᠠᠭᠠᠮ ᠤᠨ ᠵᠦᠢᠯ ᠢ ᠪᠦᠷᠢᠳᠦᠬᠦᠯᠵᠤ᠂ ᠵᠢᠭᠤᠯᠴᠢᠯᠠᠬᠰᠠᠳ ᠲᠤ ᠴᠤ᠋ ᠰᠢᠨ᠎ᠡ ᠵᠤᠭ᠎ᠠ ᠴᠡᠩᠭᠡᠯ ᠤᠨ ᠪᠠᠶᠠᠳᠠᠨ ᠣᠶᠢᠯᠠᠭᠠᠯᠲᠠ ᠶᠢᠨ ᠬᠠᠪᠤ ᠴᠡᠩᠬᠡᠯ ᠢ ᠡᠳ᠋ᠯᠡᠬᠦᠯᠬᠦ ᠪᠤᠯᠤᠨ᠎ᠠ᠃      ᠪᠠᠶᠢᠭ᠎ᠠ ᠭᠠᠵᠠᠷ᠄ ᠪᠤᠭᠤᠲᠤ ᠬᠤᠲᠠ ᠶᠢᠨ ᠬᠥᠨᠳᠡᠯᠡᠨ ᠲᠣᠭᠤᠷᠢᠭ ᠤᠨ ᠦᠨᠳᠦᠰᠦᠲᠡᠨ ᠤ ᠴᠡᠴᠡᠷᠯᠢᠭ ᠤᠨ ᠪᠠᠶᠠᠨ ᠰᠢᠭᠤᠢ  ᠵᠠᠮ ᠤᠨ 37 ᠳ᠋ᠤᠭᠠᠷ ᠨᠣᠮᠧᠷ      3.ᠠᠷᠠᠳ ᠤᠷᠭᠤᠮᠠᠯ ᠤᠨ ᠬᠦᠷᠢᠶᠡᠯᠡᠩ  —      ᠠᠷᠠᠳ ᠤᠷᠭᠤᠮᠠᠯ ᠤᠨ ᠬᠦᠷᠢᠶᠡᠯᠡᠩ ᠤᠨ ᠲᠠᠯᠠᠪᠠᠶ ᠨᠢ 90.4 ᠾᠧᠺᠲ᠋ᠠᠷ ᠪᠠᠶᠢᠵᠤ᠂ ᠵᠡᠭᠦᠨ ᠪᠠᠷᠠᠭᠤᠨ ᠬᠤᠶᠠᠷ ᠬᠦᠷᠢᠶᠡᠯᠡᠩ ᠬᠤᠪᠢᠶᠠᠨ᠎ᠠ᠂ ᠬᠥᠨᠳᠡᠯᠡᠨ ᠲᠣᠭᠤᠷᠢᠭ ᠤᠨ ︽ᠬᠤᠲᠠ ᠶᠢᠨ ᠨᠣᠭᠤᠭᠠᠨ ᠠᠭᠤᠰᠬᠢ︾ ᠬᠡᠮᠡᠭᠳᠡᠵᠦ᠂ ᠰᠢᠨᠵᠢᠯᠡᠬᠦ ᠤᠬᠠᠭᠠᠨ ᠤ ᠮᠡᠳᠡᠯᠬᠡ ᠶᠢ ᠲᠦᠭᠡᠮᠡᠯᠵᠢᠭᠦᠯᠬᠦ᠂ ᠰᠢᠨᠵᠢᠯᠡᠬᠦ ᠤᠬᠠᠭᠠᠨ ᠤ ᠰᠤᠳᠤᠯᠭᠠᠨ᠂ ᠰᠣᠶᠣᠯ᠂ ᠰᠡᠯᠡᠭᠦᠴᠡᠯ᠂ ᠪᠡᠶ᠎ᠡ ᠴᠢᠭᠢᠷᠠᠭᠵᠢᠭᠤᠯᠬᠤ ᠵᠡᠷᠭᠡ ᠣᠯᠠᠨ ᠴᠢᠳᠠᠮᠵᠢ ᠶᠢ ᠨᠢᠭᠡ ᠴᠣᠭᠴᠠᠵᠢᠭᠤᠯᠤᠭᠰᠠᠨ ᠶᠡᠷᠦᠩᠬᠡᠶᠢᠯᠡᠭᠰᠡᠨ ᠴᠢᠨᠠᠷᠲᠠᠶ ᠴᠡᠴᠡᠷᠯᠢᠭ ᠪᠣᠯᠤᠨ᠎ᠠ᠃ ᠬᠦᠷᠢᠶᠡᠯᠡᠩ ᠲᠣᠭᠤᠷᠢᠭ ᠤᠨ ᠳᠣᠲᠣᠷᠠᠬᠢ ᠦᠵᠡᠮᠵᠢ ᠨᠢ ᠣᠨᠴᠠᠭᠠᠶ᠂ ᠤᠷᠭᠤᠮᠠᠯ ᠤᠨ ᠲᠥᠷᠥᠯ ᠵᠦᠢᠯ ᠣᠯᠠᠨ᠂ ᠤᠷᠭᠤᠮᠠᠯ ᠤᠨ ᠬᠤᠴᠢᠯᠭ᠎ᠠ ᠢᠭᠴᠤ ᠰᠠᠬᠤᠯᠢᠭ ᠪᠠᠶᠢᠵᠤ᠂ ᠬᠤᠲᠠ ᠶᠢᠨ ᠠᠷᠠᠳ ᠤᠨ ᠥᠷᠯᠥᠭᠡ ᠡᠷᠳᠡ ᠪᠡᠶ᠎ᠡ ᠪᠠᠨ ᠪᠣᠯᠪᠠᠰᠤᠷᠠᠬᠤ᠂ ᠵᠤᠭᠠᠴᠠᠨ ᠰᠡᠷᠢᠭᠦᠴᠡᠬᠦ ᠪᠠ ᠴᠡᠴᠡᠷᠯᠢᠭ ᠢᠶᠠᠷ ᠲᠣᠭᠤᠷᠢᠬᠤ ᠳᠤ ᠲᠣᠬᠢᠲᠠᠶ ᠭᠠᠵᠠᠷ ᠪᠣᠯᠤᠨ᠎ᠠ᠃ ᠤᠷᠭᠤᠮᠠᠯ ᠤᠨ ᠬᠦᠷᠢᠶᠡᠯᠡᠩ ᠢ ᠤᠷᠭᠤᠮᠠᠯ ᠤᠨ ᠰᠢᠨᠵᠢᠯᠡᠬᠦ    ᠤᠬᠠᠭᠠᠨ ᠤ ᠮᠡᠳᠡᠯᠬᠡ ᠶᠢ ᠲᠦᠭᠡᠮᠡᠯᠵᠢᠭᠦᠯᠬᠦ ᠵᠢᠭᠤᠯᠴᠢᠯᠠᠯ ᠤᠨ ᠣᠷᠣᠨ᠂ ᠰᠢᠨᠵᠢᠯᠡᠬᠦ ᠤᠬᠠᠭᠠᠨ ᠤ ᠰᠤᠳᠤᠯᠭᠠᠨ ᠤ ᠲᠤᠷᠰᠢᠯᠲᠠ ᠶᠢᠨ ᠣᠷᠣᠨ᠂ ᠵᠣᠬᠢᠶᠠᠮᠠᠯ ᠨᠠᠭᠤᠷ ᠤᠨ ᠣᠷᠣᠨ᠂ ᠦᠢᠯᠡᠳᠪᠦᠷᠢᠯᠡᠯ ᠤᠨ ᠬᠦᠯᠡᠮᠵᠢ ᠪᠣᠯᠤᠨ ᠴᠡᠴᠡᠭ ᠤᠨ ᠬᠦᠷᠢᠶᠡᠯᠡᠩ ᠵᠡᠷᠭᠡ ᠣᠷᠣᠨ ᠪᠦᠰᠡ ᠬᠤᠪᠢᠶᠠᠨ᠎ᠠ᠃ ᠡᠭᠦᠨ ᠳᠤ᠂ ᠤᠷᠭᠤᠮᠠᠯ ᠤᠨ ᠰᠢᠨᠵᠢᠯᠡᠬᠦ ᠤᠬᠠᠭᠠᠨ ᠤ    ᠮᠡᠳᠡᠯᠬᠡ ᠶᠢ ᠲᠦᠭᠡᠮᠡᠯᠵᠢᠭᠦᠯᠬᠦ  ᠵᠢᠭᠤᠯᠴᠢᠯᠠᠯ ᠤᠨ ᠣᠷᠣᠨ ᠢ ᠰᠠᠷᠠᠨᠠᠶ ᠴᠡᠴᠡᠭ ᠤᠨ ᠬᠦᠷᠢᠶᠡᠯᠡᠩ᠂ ᠮᠠᠨᠳᠠᠷᠸ᠎ᠠ    ᠴᠡᠴᠡᠭ ᠤᠨ ᠬᠦᠷᠢᠶᠡᠯᠡᠩ᠂ ᠡᠯᠡᠰᠦᠨ ᠴᠥᠯ ᠤᠨ ᠤᠷᠭᠤᠮᠠᠯ ᠤᠨ ᠬᠦᠷᠢᠶᠡᠯᠡᠩ᠂ ᠪᠣᠳᠠ ᠮᠣᠳᠣᠨ ᠤ ᠬᠦᠷᠢᠶᠡᠯᠡᠩ᠂ ᠤᠢ ᠮᠣᠳᠣᠨ ᠤ ᠬᠦᠷᠢᠶᠡᠯᠡᠩ᠂ ᠠᠪᠠᠷᠢᠬᠴᠢ ᠤᠷᠭᠤᠮᠠᠯ ᠤᠨ ᠬᠦᠷᠢᠶᠡᠯᠡᠩ᠂ ᠤᠷᠤᠰᠢᠬᠤ ᠦᠨᠳᠦᠰᠦᠳᠤ ᠴᠡᠴᠡᠭ ᠡᠪᠡᠰᠦᠨ ᠤ ᠬᠦᠷᠢᠶᠡᠯᠡᠩ᠂ ᠴᠡᠴᠡᠭ ᠡᠪᠡᠰᠦᠨ ᠤ ᠬᠦᠷᠢᠶᠡᠯᠡᠩ ᠵᠡᠷᠭᠡ ᠨᠠᠢᠮᠠᠨ ᠨᠢᠭᠡᠴᠢ ᠬᠤᠪᠢᠶᠠᠨ᠎ᠠ᠃ ᠪᠦᠬᠦ᠋ᠢᠯᠡ ᠬᠦᠷᠢᠶᠡᠯᠡᠩ ᠲᠣᠭᠤᠷᠢᠭ ᠤᠨ ᠪᠦᠲᠦᠭᠡᠨ ᠪᠠᠶᠢᠭᠤᠯᠤᠯᠲᠠ ᠳᠤ ᠤᠯᠠᠮᠵᠢᠯᠠᠯᠲᠤ ᠴᠡᠴᠡᠷᠯᠢᠭᠵᠢᠬᠦᠯᠬᠦ ᠠᠷᠭ᠎ᠠ ᠪᠠᠷᠢᠯ ᠢ ᠬᠡᠷᠡᠭᠯᠡᠭᠰᠡᠨ ᠤ ᠬᠠᠮᠲᠤ ᠣᠳᠣ ᠦᠶ᠎ᠡ ᠶᠢᠨ ᠬᠤᠲᠠ ᠶᠢᠨ ᠠᠮᠢ ᠠᠬᠤᠶ ᠶᠢᠨ ᠦᠵᠡᠮᠵᠢᠳᠤ ᠣᠷᠴᠢᠨ ᠲᠣᠭᠤᠷᠢᠨ ᠤ ᠵᠢᠷᠤᠭ ᠲᠥᠯᠥᠪᠯᠡᠭᠡ ᠶᠢᠨ ᠣᠶᠢᠯᠠᠭᠠᠭᠳᠠᠬᠤᠨ ᠲᠠᠢ ᠤᠶᠠᠯᠳᠤᠭᠤᠯᠤᠨ᠂ ᠬᠥᠮᠦᠨ ᠬᠢᠭᠡᠳ ᠪᠠᠶᠢᠭᠠᠯᠢ ᠶᠢᠨ ᠡᠶ᠎ᠡ ᠵᠣᠬᠢᠴᠠᠯ ᠲᠠᠢ ᠨᠢᠭᠡᠳᠦᠯ ᠢ ᠭᠦᠢᠴᠡᠳ ᠬᠠᠷᠠᠭᠤᠯᠤᠭᠰᠠᠨ ᠪᠠᠶᠢᠨ᠎ᠠ᠃     ᠪᠠᠶᠢᠭ᠎ᠠ ᠭᠠᠵᠠᠷ᠄ ᠪᠤᠭᠤᠲᠤ ᠬᠤᠲᠠ ᠶᠢᠨ ᠬᠥᠨᠳᠡᠯᠡᠨ ᠲᠣᠭᠤᠷᠢᠭ ᠤᠨ ᠵᠠᠯᠠᠭᠤᠰ ᠵᠠᠮ ᠤᠨ 3 ᠳ᠋ᠤᠭᠠᠷ ᠨᠣᠮᠧᠷ     4.ᠪᠤᠭᠤᠳᠤ ᠶᠢᠨ ᠪᠤᠯᠤᠳ ᠲᠠᠮᠤᠷ ᠤᠨ ᠤᠮᠪᠠᠯᠳᠠ ᠶᠢᠨ ᠭᠠᠵᠠᠷ —     ᠪᠠᠶᠢᠭ᠎ᠠ ᠭᠠᠵᠠᠷ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠤᠭᠤᠲᠤ ᠬᠤᠲᠠ ᠶᠢᠨ ᠬᠥᠨᠳᠡᠯᠡᠨ ᠲᠣᠭᠤᠷᠢᠭ ᠤᠨ ᠵᠢᠷᠭᠤᠳᠤᠭᠠᠷ ᠵᠠᠮ ᠪᠣᠯᠤᠨ ᠨᠢᠭᠡᠳᠦᠭᠡᠷ ᠵᠠᠮ ᠤᠨ ᠵᠡᠭᠦᠨ ᠡᠮᠦᠨ᠎ᠡ ᠬᠡᠰᠡᠭ ᠲᠠᠬᠢ ᠪᠤᠭᠤᠲᠤ ᠶᠢᠨ ᠪᠣᠯᠣᠳ ᠲᠡᠮᠦᠷ ᠤᠨ ᠴᠡᠴᠡᠷᠯᠢᠭ     ᠬᠠᠷᠢᠯᠴᠠᠬᠤ ᠤᠳᠠᠰᠤ᠄  ︵0472︶ 2186846     5.ᠬᠦᠨᠳᠡᠯᠡᠨ ᠣᠯᠠᠨ ᠤᠯᠤᠰ ᠤᠨ ᠴᠠᠨᠠᠯᠠᠯᠳᠠ ᠶᠢᠨ ᠲᠠᠯᠠᠪᠠᠶ —     ᠪᠠᠶᠢᠭ᠎ᠠ ᠭᠠᠵᠠᠷ  ᠄ ᠪᠤᠭᠤᠲᠤ ᠬᠤᠲᠠ ᠶᠢᠨ ᠬᠦᠨᠳᠡᠯᠡᠨ ᠤᠰᠤᠨ ᠴᠦᠬᠦᠷᠦᠮ ᠤᠨ ᠱᠢ ᠮᠧᠨ ᠱᠠᠨ ᠦᠵᠡᠮᠵᠢ ᠶᠢᠨ ᠣᠷᠣᠨ     ᠬᠠᠷᠢᠯᠴᠠᠬᠤ ᠤᠳᠠᠰᠤ᠄ 15604721553     ᠡᠵᠡᠩᠨᠡᠬᠦ  ᠴᠠᠭ᠄ 09᠄ 00 — 17᠄ 30
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号