ᠥᠲᠡᠯᠬᠦ ᠶᠢ ᠬᠤᠷᠢᠭᠯᠠᠬᠤ ᠠᠷᠭ᠎ᠠ ᠦᠭᠡᠢ ᠪᠣᠯᠪᠠᠴᠤ ᠪᠢᠳᠡ ᠰᠢᠨᠵᠢᠯᠡᠬᠦ ᠤᠬᠠᠭᠠᠨᠴᠢ ᠳᠠᠳᠬᠠᠯ ᠢᠶᠠᠷ ᠳᠠᠮᠵᠢᠨ | ᠵᠣᠬᠢᠬᠤᠬᠡᠮᠵᠢᠶᠡᠨ ᠳᠡᠭᠡᠷ᠎ᠡ ᠥᠲᠡᠯᠬᠦ ᠶᠠᠪᠤᠴᠠ ᠶᠢ ᠤᠳᠠᠭᠠᠰᠢᠷᠠᠭᠤᠯᠵᠤ ᠴᠢᠳᠠᠳᠠᠭ᠃ ᠥᠲᠡᠯᠬᠦ ᠨᠢ ᠵᠥᠪᠬᠡᠨ | ᠪᠢᠳᠡᠨ ᠤ ᠵᠢᠰᠦ ᠴᠢᠷᠠᠢ ᠳᠡᠭᠡᠷ᠎ᠡ ᠢᠯᠡᠷᠡᠬᠦ ᠪᠢᠰᠢ᠂ ᠪᠡᠶ᠎ᠡ ᠶᠢᠨ ᠡᠯ᠎ᠡ ᠡᠷᠬᠡᠲᠡᠨ ᠢ ᠨᠡᠩ ᠢᠯᠡᠭᠦᠬᠡᠨ ᠠᠩᠬᠠᠷᠴᠤ᠂ ᠨᠠᠷᠢᠨ | ᠨᠢᠮᠪᠠᠢ ᠬᠠᠮᠠᠭᠠᠯᠠᠬᠤ ᠬᠡᠷᠡᠭᠲᠡᠢ᠃ | ᠴᠤᠬᠤᠮ ᠶᠠᠮᠠᠷ ᠶᠠᠮᠠᠷ ᠢᠳᠡᠭᠡᠨ ᠮᠠᠨ ᠤ ᠪᠡᠶ᠎ᠡ ᠶᠢᠨ ᠥᠲᠡᠯᠬᠦ ᠶᠢ ᠲᠦᠷᠭᠡᠳᠬᠡᠨ᠎ᠡ ᠪᠤᠢ︖ ᠳᠣᠣᠷᠠᠬᠢ | ᠬᠡᠳᠦᠨᠨᠢᠭᠤᠭᠳᠠᠮᠠᠯ ︽ᠬᠥᠭᠰᠢᠷᠡᠭᠦᠯᠦᠭᠴᠢ︾ ᠶᠢ ᠣᠨᠴᠠ ᠠᠩᠬᠠᠷᠬᠤ ᠬᠡᠷᠡᠭᠲᠡᠶ︕ | ᠵᠢᠷᠦᠬᠡ ᠶᠢ ︽ᠬᠥᠭᠰᠢᠷᠡᠭᠦᠯᠦᠭᠴᠢ︾ — ᠳᠠᠰᠢᠭᠤ ᠥᠭᠡᠬᠦᠨ ᠬᠦᠴᠢᠯ | ᠳᠠᠰᠢᠭᠤ ᠥᠭᠡᠬᠦᠨ ᠬᠦᠴᠢᠯ ᠪᠣᠯ ᠤᠷᠭᠤᠮᠠᠯ ᠤᠨ ᠲᠣᠰᠣᠨ ᠤ ᠤᠰᠤᠲᠥ᠋ᠷᠥᠭᠴᠢᠵᠢᠬᠦ ᠬᠤᠪᠢᠷᠠᠯᠲᠠ ᠳᠤᠮᠳᠠ | ᠡᠭᠦᠰᠦᠭᠰᠡᠨ ᠨᠢᠭᠡ ᠵᠦᠢᠯ ᠤᠨ ᠬᠠᠨᠤᠮᠠᠯ ᠪᠤᠰᠤ ᠥᠭᠡᠬᠦᠨ ᠬᠦᠴᠢᠯ ᠪᠣᠯᠤᠨ᠎ᠠ᠂ ᠬᠡᠳᠦ᠋ᠢᠪᠡᠷ ᠬᠠᠨᠤᠮᠠᠯ ᠪᠤᠰᠤ | ᠥᠭᠡᠬᠦᠨ ᠬᠦᠴᠢᠯᠪᠣᠯᠪᠠᠴᠤ ᠬᠥᠮᠦᠨ ᠤ ᠪᠡᠶ᠎ᠡ ᠳᠤ ᠬᠤᠣᠷᠲᠠᠢ᠂ ᠴᠢᠨᠠᠭᠰᠢᠯᠠᠪᠠᠯ ᠬᠠᠨᠤᠮᠠᠯ ᠥᠭᠡᠬᠦᠨ ᠬᠦᠴᠢᠯ ᠠᠴᠠ | ᠨᠡᠩ ᠶᠡᠭᠡ ᠬᠤᠣᠷ ᠬᠥᠨᠥᠭᠡᠯ ᠲᠠᠢ ᠪᠠᠶᠢᠳᠠᠭ᠃ | ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠢ ᠬᠡᠳᠦ ᠠᠷᠪᠢᠨ ᠢᠳᠡᠪᠡᠯ ᠪᠡᠶ᠎ᠡ ᠶᠢᠨ | ᠳᠣᠲᠣᠭᠠᠳᠤ ᠶᠢᠨ ︽ᠮᠠᠭᠤ ᠰᠥᠰᠥᠨ ᠤ ᠭᠤᠨᠠᠨ ᠠᠯᠺᠣᠣᠯ︾ ᠤᠨ ᠲᠦᠪᠰᠢᠨ ᠢ ᠳᠡᠭᠡᠭᠰᠢᠯᠡᠭᠦᠯᠵᠦ᠂ ︽ᠰᠠᠶᠢᠨ | ᠰᠥᠰᠥᠨ ᠤ ᠭᠤᠨᠠᠨ ᠠᠯᠺᠣᠣᠯ︾ ᠤᠨᠲ᠋ᠦ᠋ᠪᠰᠢᠨ ᠢ ᠳᠣᠷᠣᠭᠰᠢᠯᠠᠭᠤᠯᠵᠤ᠂ ᠡᠭᠦᠨ ᠤ ᠤᠯᠠᠮ ᠠᠴᠠ ᠯᠤᠭᠰᠢᠭᠤᠨ | ᠰᠤᠳᠠᠯ ᠤᠨ ᠥᠭᠡᠬᠦᠵᠢᠨ ᠬᠠᠲᠠᠭᠤᠷᠠᠬᠤ᠂ ᠵᠢᠷᠦᠬᠡᠴᠢᠰᠤᠨ ᠰᠤᠳᠠᠯ ᠤᠨ ᠡᠪᠡᠳᠴᠢᠨ᠂ ᠵᠢᠷᠦᠬᠡᠨ ᠲᠢᠲᠢᠮ ᠤᠨ | ᠡᠪᠡᠳᠴᠢᠨ᠂ ᠵᠢᠷᠦᠬᠡᠨ ᠪᠤᠯᠴᠢᠩ ᠤᠨ ᠲᠦᠭᠵᠢᠷᠡᠯ ᠪᠠ ᠵᠢᠷᠦᠬᠡᠨ ᠴᠢᠨᠠᠷᠲᠠᠢ ᠭᠡᠨᠡᠳᠲᠡ ᠦᠬᠦᠬᠦ ᠠᠶᠤᠯ ᠢ | ᠨᠡᠮᠡᠭᠳᠡᠭᠦᠯᠦᠨ᠎ᠡ᠃ | ᠡᠶᠢᠮᠦ ᠠᠴᠠ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵ | 2022︶︾ ᠳᠤ᠂ ᠡᠳᠦᠷ ᠪᠦᠷᠢ ᠶᠢᠨ ᠳᠠᠰᠢᠭᠤ ᠥᠭᠡᠬᠦᠨ ᠬᠦᠴᠢᠯ ᠤᠨ ᠬᠡᠮᠵᠢᠶ᠎ᠡ ᠨᠢ 2 ᠭᠷᠠᠮ ᠠᠴᠠ ᠬᠡᠲᠦᠷᠡᠵᠦ | ᠪᠣᠯᠬᠤ ᠥᠬᠡᠶ ᠭᠡᠵᠦ ᠰᠠᠨᠠᠭᠤᠯᠤᠭᠰᠠᠨ ᠪᠠᠶᠢᠨ᠎ᠠ᠃ ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠳᠤ | ᠪᠢᠩᠭᠠᠨ᠂ ᠪᠣᠭᠤᠷᠰᠤᠭ᠂ ᠲᠣᠰᠣᠨ ᠳᠤ ᠪᠤᠴᠠᠯᠭᠠᠭᠰᠠᠨ ᠪᠣᠣᠪᠤ᠂ ᠬᠥᠭᠡᠯᠭᠡᠭᠰᠡᠨ ᠢᠳᠡᠭᠡᠨ᠂ ᠺᠣᠹᠧ ᠶᠢᠨ ᠬᠤᠯᠢᠮᠠᠭ᠂ | ᠳᠥᠭᠦᠮ ᠭᠤᠯᠢᠷ᠂ ᠲᠦᠷᠭᠡᠨ ᠬᠥᠯᠳᠡᠭᠡᠭᠰᠡᠨ ᠢᠳᠡᠭᠡᠨ᠂ ᠰᠢᠬᠡᠷᠯᠢᠭ ᠰᠦ ᠲᠠᠢ ᠴᠠᠶ ᠵᠡᠷᠭᠡ ᠦᠷᠭᠦᠯᠵᠢ | ᠬᠠᠷᠠᠭᠳᠠᠳᠠᠭ᠃ | ᠳᠠᠰᠢᠭᠤ ᠥᠭᠡᠬᠦᠨ ᠬᠦᠴᠢᠯ ᠠᠭᠤᠯᠤᠭᠰᠠᠨ ᠢᠳᠡᠭᠡᠨ ᠠᠴᠠ ᠵᠠᠶᠢᠯᠠᠶ᠎ᠠ ᠭᠡᠪᠡᠯ᠂ ᠬᠤᠳᠠᠯᠳᠤᠨ | ᠠᠪᠬᠤ ᠠᠴᠠ ᠪᠠᠨ ᠡᠮᠦᠨ᠎ᠡ ᠪᠣᠭᠤᠳᠠᠯ ᠳᠡᠭᠡᠷᠡᠬᠢ ᠨᠠᠶᠢᠷᠠᠯᠭ᠎ᠠ ᠶᠢᠨ ᠬᠦᠰᠦᠨᠦᠭᠲᠦ ᠪᠣᠯᠤᠨ ᠰᠢᠮ᠎ᠡ ᠲᠡᠵᠢᠭᠡᠯ ᠤᠨ | ᠪᠦᠷᠢᠯᠳᠦᠬᠦᠨ ᠤ ᠬᠦᠰᠦᠨᠦᠭᠲᠦ ᠶᠢ ᠨᠠᠷᠢᠨ ᠬᠢᠨᠠᠮᠠᠭᠠᠶ ᠦᠵᠡᠭᠡᠷᠡᠶ᠃ ᠨᠠᠶᠢᠷᠠᠯᠭ᠎ᠠ ᠶᠢᠨ ᠬᠦᠰᠦᠨᠦᠭᠲᠦ ᠳᠤ | ᠤᠷᠭᠤᠮᠠᠯ ᠤᠨ ᠥᠭᠡᠬᠦ᠂ ᠰᠦᠨ ᠤ ᠣᠬᠢ᠂ ᠬᠡᠦᠷᠰᠢᠭᠦᠯᠬᠦ ᠲᠣᠰᠤ᠂ ᠬᠢᠮᠡᠯ ᠵᠥᠭᠡᠬᠡᠶ᠂ ᠬᠢᠮᠡᠯ ᠰᠢᠷ᠎ᠠ ᠲᠣᠰᠣ᠂ | ᠤᠰᠤᠲᠥ᠋ᠷᠥᠭᠴᠢᠵᠢᠭᠰᠡᠨ ᠤᠷᠭᠤᠮᠠᠯ ᠤᠨ ᠲᠣᠰᠣ᠂ ᠨᠠᠷᠢᠯᠢᠭ ᠪᠣᠯᠪᠠᠰᠤᠷᠠᠭᠤᠯᠤᠭᠰᠠᠨ ᠬᠢᠯᠭᠠᠰᠤᠲᠤ ᠮᠣᠳᠣᠨ ᠤ | ᠲᠣᠰᠣ᠂ ᠤᠷᠭᠤᠮᠠᠯ ᠤᠨ ᠵᠥᠭᠡᠬᠡᠶ᠂ ᠬᠢᠮᠡᠯ ᠺᠠᠺᠠᠤ᠋ ᠥᠭᠡᠬᠦ᠂ ᠬᠢᠮᠡᠯ ᠬᠡᠦᠷᠰᠢᠭᠦᠯᠬᠦ ᠲᠣᠰᠣ ᠵᠡᠷᠭᠡ ᠪᠦᠷᠢᠯᠳᠦᠬᠦᠨ | ᠪᠠᠶᠢᠪᠠᠯ ᠴᠥᠮ ᠳᠠᠰᠢᠭᠤ ᠥᠭᠡᠬᠦᠨ ᠬᠦᠴᠢᠯ ᠠᠭᠤᠯᠵᠤ ᠮᠡᠳᠡᠨ᠎ᠡ᠃ | ᠰᠢᠮ᠎ᠡ ᠲᠡᠵᠢᠭᠡᠯ ᠤᠨ ᠪᠦᠷᠢᠯᠳᠦᠬᠦᠨ ᠤ ᠬᠦᠰᠦᠨᠦᠭᠲᠦ ᠠᠴᠠ ᠢᠳᠡᠭᠡᠨ ᠤ ᠳᠣᠲᠣᠷ᠎ᠠ ᠪᠣᠳᠠᠲᠠᠶ ᠠᠭᠤᠯᠵᠤ | ᠪᠠᠶᠢᠭ᠎ᠠ ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠶᠢ ᠣᠯᠵᠤ ᠬᠠᠷᠠᠳᠠᠭ᠂ ᠳᠣᠣᠷᠠᠬᠢ ᠵᠢᠷᠤᠭ ᠲᠠᠬᠢ ᠡᠨᠡ | ᠬᠦ ᠵᠥᠭᠡᠬᠡᠶ ᠵᠢᠨᠠᠮᠲᠠ ᠲᠠᠢ ᠪᠢᠩᠭᠠᠨ ᠢ 100 ᠭᠷᠠᠮ ᠰᠢᠩᠭᠡᠭᠡᠪᠡᠯ ᠳᠠᠰᠢᠭᠤ ᠥᠭᠡᠬᠦᠨ ᠬᠦᠴᠢᠯ ᠨᠢ ᠳᠠᠷᠤᠶ | ᠪᠠᠷᠢᠮᠵᠢᠶ᠎ᠠ ᠠᠴᠠ ᠬᠡᠲᠦᠷᠡᠨ᠎ᠡ᠃ | ᠭᠡᠪᠡᠴᠦ ᠣᠳᠣᠬᠠᠨ ᠳᠤ ᠣᠯᠠᠩᠬᠢ ᠪᠦᠲᠦᠭᠡᠭᠳᠡᠬᠦᠨ ᠤ ᠰᠢᠮ᠎ᠡ ᠲᠡᠵᠢᠭᠡᠯ ᠤᠨ ᠪᠦᠷᠢᠯᠳᠦᠬᠦᠨ ᠤ | ᠬᠦᠰᠦᠨᠦᠭᠲᠦ ᠳᠤ ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠶᠢ ᠴᠥᠮ ︽0︾ ᠭᠡᠵᠦ ᠬᠠᠳᠠᠵᠤ ᠪᠠᠶᠢᠨ᠎ᠠ᠂ | ᠡᠨᠡ ᠨᠢ ᠢᠳᠡᠭᠡᠨ ᠤ ᠳᠣᠲᠣᠷᠠᠬᠢ ᠳᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠨᠢ 0.3% ᠠᠴᠠ ᠪᠠᠭ᠎ᠠ | ᠪᠣᠯᠬᠤ ᠦᠶ᠎ᠡ ᠳᠤ᠂ ᠪᠣᠭᠤᠳᠠᠯᠲ᠋ᠡᠭᠡᠷᠡ ᠨᠢ ︽0 ᠳᠠᠰᠢᠭᠤ ᠥᠭᠡᠬᠦᠨ ᠬᠦᠴᠢᠯ︾᠂ ︽ᠲᠡᠭ ᠳᠠᠰᠢᠭᠤ ᠥᠭᠡᠬᠦᠨ | ᠬᠦᠴᠢᠯ︾᠂ ︽ᠳᠠᠰᠢᠭᠤ ᠥᠭᠡᠬᠦᠨ ᠬᠦᠴᠢᠯ ᠠᠭᠤᠯᠬᠤ ᠦᠭᠡᠢ︾ ᠭᠡᠰᠡᠨ ᠦᠰᠦᠭ ᠢ ᠬᠠᠳᠠᠵᠤ ᠪᠣᠯᠬᠤ ᠠᠴᠠ | ᠪᠣᠯᠤᠭᠰᠠᠨ ᠶᠤᠮ᠃ ᠡᠨᠡ ᠨᠢ ᠵᠥᠪᠬᠡᠨ ᠠᠭᠤᠯᠤᠭᠳᠠᠴᠠ ᠪᠠᠷ ᠳᠣᠣᠷ᠎ᠠ ᠪᠤᠶᠤ ᠪᠠᠶᠢᠬᠤ ᠦᠭᠡᠢ ᠶᠢ ᠯᠡ | ᠲᠣᠳᠣᠷᠬᠠᠶᠢᠯᠠᠬᠤ ᠠᠴᠠ ᠪᠢᠰᠢ᠂ ᠤᠭᠳᠤ ᠪᠠᠶᠢᠬᠤ ᠦᠭᠡᠢ ᠶᠢ ᠬᠠᠷᠠᠭᠤᠯᠬᠤ ᠪᠢᠰᠢᠶᠤᠮ᠃ ᠬᠡᠷᠪᠡ ᠳᠠᠰᠢᠭᠤ | ᠥᠭᠡᠬᠦᠨ ᠬᠦᠴᠢᠯ ᠢ ᠴᠢᠳᠠᠬᠤ ᠶᠢᠨ ᠬᠢᠷᠢ ᠪᠠᠷ ᠪᠠᠭᠠᠰᠬᠠᠶ᠎ᠠ ᠭᠡᠪᠡᠯ ᠬᠠᠰᠢ ᠯᠠ ᠪᠠᠭ᠎ᠠ ᠢᠳᠡᠪᠡᠯ ᠳᠡᠭᠡᠷ᠎ᠡ ᠶᠤᠮ᠃ | | ᠡᠭᠦᠨ ᠠᠴᠠ ᠭᠠᠳᠠᠨ᠎ᠠ᠂ ᠤᠷᠭᠤᠮᠠᠯ ᠤᠨ ᠲᠣᠰᠣ ᠶᠢᠨ ᠳᠣᠲᠣᠷ᠎ᠠ ᠪᠠᠰᠠ ᠳᠠᠰᠢᠭᠤ ᠥᠭᠡᠬᠦᠨ ᠬᠦᠴᠢᠯ | ᠠᠭᠤᠯᠵᠤ ᠪᠠᠶᠢᠳᠠᠭ᠂ ᠣᠨᠴᠠᠭᠠᠶᠢᠯᠠᠨ ᠳᠠᠬᠢᠨ ᠳᠠᠪᠲᠠᠨ ᠥᠨᠳᠥᠷ ᠳᠤᠯᠠᠭᠠᠨ ᠢ ᠥᠩᠭᠡᠷᠡᠭᠡᠭᠰᠡᠨ ᠤ ᠳᠠᠷᠠᠭᠠᠬᠢ | ᠤᠷᠭᠤᠮᠠᠯ ᠤᠨ ᠲᠣᠰᠣᠨ ᠤᠲ᠋ᠠᠰᠢᠭᠤ ᠥᠭᠡᠬᠦᠨ ᠬᠦᠴᠢᠯ ᠤᠨ ᠠᠭᠤᠯᠤᠭᠳᠠᠴᠠ ᠨᠢ ᠨᠠᠩ ᠥᠨᠳᠥᠷ ᠪᠠᠶᠢᠳᠠᠭ᠃ | ᠡᠶᠢᠮᠦ ᠠᠴᠠ ᠡᠳᠦᠷ ᠲᠤᠲᠤᠮ ᠤᠨ ᠬᠤᠭᠤᠯᠠᠪᠠᠵᠠᠭᠠᠬᠤ ᠳᠠᠭᠠᠨ ᠲᠣᠰᠣᠨ ᠤ ᠬᠡᠮᠵᠢᠶ᠎ᠡ ᠶᠢ 25~30 ᠭᠷᠠᠮ ᠢᠶᠠᠷ | ᠬᠢᠵᠠᠭᠠᠷᠯᠠᠵᠤ᠂ ᠥᠨᠳᠥᠷ ᠬᠠᠯᠠᠭᠤᠨ ᠳᠤ ᠲᠣᠰᠣᠨ ᠳ᠋ᠤ᠋ᠪᠤᠴᠠᠯᠭᠠᠬᠤ ᠶᠢ ᠪᠠᠭᠠᠰᠬᠠᠬᠤ ᠶᠢᠨ ᠬᠠᠮᠲᠤ ᠲᠣᠰᠣᠨ ᠳᠤ | ᠪᠤᠴᠠᠯᠭᠠᠭᠠᠳ ᠤᠲᠤᠭ᠎ᠠ ᠭᠠᠷᠤᠭᠰᠠᠨ ᠤ ᠳᠠᠷᠠᠭ᠎ᠠ ᠰᠠᠶ᠋ᠢ ᠡᠬᠢᠯᠡᠵᠦᠨᠣᠭᠤᠭᠠ ᠬᠠᠭᠤᠷᠬᠤ ᠶᠢ ᠴᠡᠭᠡᠷᠯᠡᠪᠡᠯ | ᠵᠣᠬᠢᠨ᠎ᠠ᠃ | |