9 ᠳ᠋ᠣᠭᠡᠷ ᠰᠠᠷ᠎ᠠ ᠳᠤ ᠰᠤᠷᠭᠠᠭᠤᠯᠢ ᠡᠬᠢᠯᠡᠭᠰᠡᠨ ᠤ ᠳᠠᠷᠠᠭ᠎ᠠ᠂ ᠡᠯ᠎ᠡ ᠰᠤᠷᠭᠠᠭᠤᠯᠢ ᠨᠤᠭᠤᠳ ᠲᠤ ᠨᠦᠷᠦ | ᠸᠢᠷᠦ᠋ᠰ ᠬᠠᠯᠳᠠᠪᠤᠷᠢᠯᠠᠨ ᠳᠡᠯᠭᠡᠷᠡᠬᠦ ᠪᠣᠯᠣᠮᠵᠢ ᠶᠡᠬᠡᠲᠡᠢ ᠪᠠᠶᠢᠨ᠎ᠠ᠃ | ᠭᠤᠸᠠᠩᠳᠦ᠋ᠩ ᠮᠤᠵᠢ ᠶᠢᠨ ᠡᠪᠡᠳᠴᠢᠨ ᠬᠢᠵᠢᠭ ᠢ ᠰᠡᠷᠭᠡᠶᠢᠯᠡᠨ ᠳᠠᠷᠣᠬᠤ ᠲᠥᠪ ᠤᠨ ᠰᠠᠨᠠᠭᠤᠯᠤᠭᠰᠠᠨ ᠢᠶᠠᠷ᠂ | ᠨᠦᠷᠦᠸᠢᠷᠦ᠋ᠰ ᠨᠢ ᠮᠠᠰᠢ ᠶᠡᠭᠡ ᠬᠠᠯᠳᠠᠪᠤᠷᠢᠯᠠᠬᠤ ᠴᠢᠨᠠᠷ ᠲᠠᠢ ᠪᠥᠭᠡᠳ ᠥᠳᠬᠡᠨ ᠰᠢᠩᠭᠡᠨ ᠮᠥᠷ ᠪᠤᠶᠤ | ᠪᠥᠭᠡᠯᠵᠢᠰᠦ ᠨᠢᠯᠪᠤᠰᠦ ᠠᠴᠠ ᠬᠠᠯᠳᠠᠪᠤᠷᠢᠵᠦ ᠮᠡᠳᠡᠨ᠎ᠡ ᠭᠡᠨ᠎ᠡ᠃ | ᠰᠤᠷᠭᠠᠭᠤᠯᠢ᠂ ᠬᠡᠦᠬᠡᠳ ᠤᠨ ᠴᠡᠴᠡᠷᠯᠢᠭ ᠠᠰᠠᠷᠠᠮᠵᠢ ᠶᠢᠨ ᠪᠠᠶᠢᠭᠤᠯᠤᠮᠵᠢ ᠵᠡᠷᠭᠡ ᠬᠥᠮᠥᠨ ᠬᠠᠷ᠎ᠠ ᠣᠯᠠᠨ | ᠲᠠᠢ ᠭᠠᠵᠠᠷ ᠲᠤ ᠬᠡᠨ ᠨᠢᠭᠡ ᠨᠢ ᠬᠠᠯᠳᠠᠪᠤᠷᠢᠯᠠᠪᠠᠯ᠂ ᠪᠦᠬᠦ ᠠᠩᠭᠢ ᠪᠠᠷ ᠢᠶᠠᠨ ᠬᠠᠯᠳᠠᠪᠤᠷᠢᠯᠠᠭᠳᠠᠬᠤ ᠡᠷᠡᠰᠳᠡᠯ ᠲᠠᠢ | ᠪᠣᠯᠬᠤᠷ ᠰᠢᠨᠵᠢᠯᠡᠬᠦ ᠤᠬᠠᠭᠠᠨᠴᠢ ᠪᠠᠷ ᠰᠢᠢᠳᠪᠦᠷᠢᠯᠡᠬᠦ ᠶᠢ ᠡᠷᠡᠬᠦᠯ ᠮᠡᠨᠳᠦ ᠶᠢᠨ ᠰᠠᠯᠠᠭ᠎ᠠ ᠮᠦᠴᠢᠷ ᠠᠴᠠ | ᠰᠤᠷᠭᠠᠭᠤᠯᠢ ᠨᠤᠭᠤᠳ ᠲᠤ ᠣᠨᠴᠠᠭᠠᠶᠢᠯᠠᠨ ᠰᠠᠨᠠᠭᠤᠯᠵᠤ ᠪᠠᠶᠢᠨ᠎ᠠ᠃ | ᠬᠠᠯᠳᠠᠪᠤᠷᠢᠯᠠᠬᠤ ᠴᠢᠨᠠᠷ ᠢᠶᠠᠷ ᠴᠢᠩᠭ᠎ᠠ ᠪᠠᠶᠢᠳᠠᠭ ᠠᠴᠠ ᠭᠠᠳᠠᠨ᠎ᠠ᠂ ᠨᠦᠷᠦ ᠸᠢᠷᠦ᠋ᠰ ᠤᠨ ᠣᠷᠴᠢᠨ | ᠲᠣᠭᠤᠷᠢᠨ ᠳᠤ ᠵᠤᠬᠢᠴᠠᠬᠤ ᠴᠢᠳᠠᠪᠤᠷᠢ ᠨᠢ ᠴᠦ ᠮᠠᠰᠢ ᠴᠢᠩᠭ᠎ᠠ ᠪᠠᠶᠢᠳᠠᠭ᠃ ᠡᠨᠡ ᠸᠢᠷᠦ᠋ᠰ 0 ᠭᠷᠠᠳᠦ᠋ᠰ — 60 | ᠭᠷᠠᠳᠦ᠋ᠰ ᠤᠨ ᠳᠤᠯᠠᠭᠠᠨ ᠳᠤ ᠪᠦᠷ ᠠᠮᠢᠵᠢᠷᠠᠨ ᠣᠷᠣᠰᠢᠳᠠᠭ ᠪᠥᠭᠡᠳ ᠪᠣᠳᠠᠰ ᠤᠨ ᠭᠠᠳᠠᠷᠭᠤ ᠳᠤ 2 ᠭᠠᠷᠠᠭ | ᠠᠮᠢᠳᠤᠷᠠᠵᠤ ᠴᠢᠨᠠᠭᠰᠢᠯᠠᠨ ᠤᠰᠤᠨ ᠳᠤ 2 ᠰᠠᠷ᠎ᠠ ᠠᠴᠠ ᠳᠡᠭᠡᠭᠰᠢ ᠬᠤᠭᠤᠴᠠᠭ᠎ᠠ ᠠᠮᠢᠳᠤᠷᠠᠳᠠᠭ ᠢ | ᠰᠣᠳᠣᠯᠭᠠᠨ ᠢᠶᠠᠷ ᠨᠤᠲᠠᠯᠠᠭᠰᠠᠨ ᠪᠠᠶᠢᠨ᠎ᠠ᠃ 75% ᠶᠢᠨ ᠥᠳᠬᠡᠴᠡ ᠲᠠᠢ ᠰᠫᠢᠷᠲ᠂ ᠭᠠᠷ ᠤᠬᠢᠶᠠᠬᠤ ᠰᠢᠩᠭᠡᠨ | ᠵᠡᠷᠭᠡ ᠨᠢ ᠡᠨᠡ ᠸᠢᠷᠦ᠋ᠰ ᠢ ᠤᠰᠠᠳᠬᠠᠵᠦ ᠴᠢᠳᠠᠳᠠᠭ ᠦᠭᠡᠢ ᠶᠤᠮ᠃ ᠲᠣᠰ ᠸᠢᠷᠦ᠋ᠰ ᠲᠤ ᠬᠠᠯᠳᠠᠪᠤᠷᠢᠯᠠᠭᠰᠠᠨ ᠤ | ᠳᠠᠷᠠᠭᠠᠬᠢ ᠡᠪᠡᠳᠴᠢᠨ ᠤ ᠪᠠᠶᠢᠩᠭᠤ ᠶᠢᠨ ᠢᠯᠡᠷᠡᠯ ᠪᠣᠯ ᠪᠥᠭᠡᠯᠵᠢᠬᠦ᠂ ᠰᠠᠭᠤᠯᠭᠠᠬᠤ᠂ ᠳᠤᠷ᠎ᠠ ᠪᠣᠯᠭᠢᠬᠤ᠂ᠬᠡᠳᠡᠰᠦ | ᠡᠪᠡᠳᠬᠦ᠂ ᠲᠣᠯᠣᠭᠠᠢ ᠡᠪᠡᠳᠬᠦ᠂ ᠬᠠᠯᠠᠭᠤᠷᠠᠬᠤ᠂ ᠳᠠᠭᠠᠷᠠᠳᠠᠰᠤ ᠬᠦᠷᠬᠦ ᠪᠠ ᠪᠤᠯᠴᠢᠩ ᠮᠢᠬ᠎ᠠ ᠱᠠᠷᠬᠢᠷᠠᠨ ᠡᠪᠡᠳᠬᠦ | ᠵᠡᠷᠭᠡ ᠪᠣᠯᠣᠨ᠎ᠠ᠃ |