ᠮᠠᠰᠢ ᠣᠯᠠᠨ ᠬᠥᠮᠦᠨ ᠪᠦᠷ ᠰᠢᠬᠢᠷᠯᠢᠭ ᠢᠳᠡᠭᠡᠨ ᠳᠤ ᠳᠤᠷᠠᠲᠠᠶ ᠪᠠᠶᠢᠳᠠᠭ᠂ ᠤᠴᠢᠷ ᠨᠢ ᠲᠡᠷᠡ ᠨᠢ | ᠳ᠋ᠤᠫᠠᠮᠢᠨ ᠤ ᠰᠢᠭᠦᠷᠡᠯᠲᠡ ᠳᠤ ᠰᠡᠳᠦᠯᠲᠡ ᠥᠭᠴᠦ᠂ ᠬᠥᠮᠦᠰ ᠢ ᠲᠦᠢᠯ ᠢᠶᠠᠷ ᠪᠠᠶᠠᠰᠬᠠᠳᠠᠭ᠃ ᠭᠡᠪᠡᠴᠦ ᠰᠢᠬᠢᠷᠯᠢᠭ | ᠢᠳᠡᠭᠡᠨ ᠢ ᠠᠷᠪᠢᠨ ᠢᠳᠡᠪᠡᠯ ᠰᠢᠳᠦᠨ ᠤ ᠡᠷᠡᠭᠦᠯ ᠮᠡᠨᠳᠦ ᠶᠢ ᠬᠤᠬᠢᠷᠠᠭᠤᠯᠬᠤ ᠪᠠᠷ ᠪᠠᠷᠠᠬᠤ ᠥᠬᠡᠶ᠂ ᠪᠠᠰᠠ | ᠬᠥᠮᠦᠨ ᠤ ᠪᠡᠶ᠎ᠡ ᠶᠢᠨ ᠥᠲᠡᠯᠬᠦᠠᠬᠢᠴᠠ ᠶᠢ ᠲᠦᠷᠭᠡᠳᠬᠡᠨ᠎ᠡ᠃ | ᠰᠢᠬᠢᠷ ᠨᠢ ᠠᠮᠠᠨ ᠤ ᠬᠥᠨᠳᠡᠶ ᠳᠠᠬᠢ ᠪᠠᠺᠲ᠋ᠧᠷᠢ ᠳᠤ ︽ᠲᠠᠭᠠᠯᠠᠮᠵᠢᠲᠠᠶ︾ ᠥᠰᠴᠦ ᠦᠷᠡᠵᠢᠬᠦ ᠣᠷᠴᠢᠨ | ᠲᠣᠭᠤᠷᠢᠨ ᠢ ᠬᠠᠩᠭᠠᠨ ᠥᠭᠴᠦ᠂ ᠪᠠᠺᠲ᠋ᠧᠷᠢ ᠪᠣᠯᠤᠨ ᠰᠢᠬᠢᠷ ᠠᠭᠠᠵᠢᠮ ᠢᠶᠠᠷ ᠰᠢᠳᠦ ᠶᠢ ᠦᠭᠡᠶᠢᠬᠢᠵᠦ᠂ | ᠡᠴᠦᠰ ᠲᠡᠭᠡᠨ ᠬᠤᠷᠣᠬᠠᠶᠢᠲᠤᠭᠰᠠᠨᠰᠢᠳᠦ ᠶᠢ ᠪᠤᠢ ᠪᠣᠯᠭᠠᠨ᠎ᠠ᠃ ᠬᠤᠷᠣᠬᠠᠶᠢᠲᠤᠭᠰᠠᠨ ᠰᠢᠳᠦ ᠶᠢ ᠴᠠᠭ | ᠲᠤᠬᠠᠢ ᠳᠤ ᠨᠢ ᠵᠠᠰᠠᠬᠤ ᠦᠭᠡᠢ ᠪᠣᠯ ᠬᠤᠷᠣᠬᠠᠶᠢᠲᠤᠭᠰᠠᠨᠨᠦ᠋ᠬᠡ ᠪᠣᠯᠣᠨ᠂ ᠢᠰᠬᠦᠯᠡᠩ᠂ ᠰᠢᠬᠢᠷᠯᠢᠭ᠂ ᠬᠦᠢᠲᠡᠨ᠂ | ᠬᠠᠯᠠᠭᠤᠨ ᠢᠳᠡᠭᠡᠨ ᠢᠳᠡᠬᠦ ᠳᠤ ᠡᠪᠡᠳᠬᠦ ᠨᠢ ᠢᠯᠡᠷᠬᠡᠶ ᠪᠣᠯᠵᠤ᠂ ᠨᠡᠩ ᠬᠦᠨᠳᠦᠷᠡᠪᠡᠯ ᠰᠢᠳᠤᠨ ᠤ ᠬᠡᠷᠡᠭᠴᠡᠭᠡ ᠪᠠᠨ | ᠠᠯᠳᠠᠨ᠂ ᠵᠠᠵᠢᠯᠠᠬᠤ ᠳᠤ ᠬᠦᠴᠢᠷᠳᠡᠵᠦ᠂ ᠢᠳᠡᠬᠦ ᠶᠢ ᠨᠦᠯᠦᠭᠡᠯᠡᠨ᠎ᠡ᠃ | ᠲᠡᠶᠢᠮᠦ ᠮᠥᠷᠲᠡᠭᠡᠨ ᠬᠡᠲᠦᠷᠬᠡᠶ ᠠᠷᠪᠢᠨ ᠨᠡᠮᠡᠯᠲᠡ ᠰᠢᠬᠢᠷ ᠢᠳᠡᠬᠦ ᠨᠢ ᠠᠷᠠᠰᠤᠨ ᠤ ᠥᠲᠡᠯᠡᠬᠦ ᠠᠬᠢᠴᠠ ᠶᠢ | ᠲᠦᠷᠭᠡᠳᠬᠡᠨ᠎ᠡ᠃ ᠰᠢᠬᠢᠷ ᠨᠢ ᠡᠴᠦᠰ ᠲᠡᠭᠡᠨ ᠪᠡᠶ᠎ᠡ ᠶᠢᠨ ᠳᠣᠲᠣᠷ᠎ᠠ ᠦᠵᠦᠮ ᠤᠨ ᠰᠢᠬᠢᠷ ᠪᠣᠯᠤᠨ ᠵᠠᠳᠠᠷᠠᠭᠠᠳ ᠰᠠᠶ᠋ᠢ | ᠪᠡᠶ᠎ᠡ ᠮᠠᠬᠠᠪᠣᠳ ᠲᠤ ᠠᠰᠢᠭᠯᠠᠭᠳᠠᠳᠠᠭ᠃ ᠦᠵᠦᠮ ᠤᠨ ᠰᠢᠬᠢᠷ ᠤᠨ ᠺᠠᠷᠪᠣᠺᠰᠢᠯ ᠨᠢ DNA᠂ ᠥᠭᠡᠬᠦ᠂ | ᠤᠭᠤᠷᠠᠭ ᠤᠨ ᠠᠮᠢᠨᠣ᠋ ᠲᠠᠢ ᠨᠢᠭᠡ ᠰᠢᠷᠢᠰ ᠤᠷᠪᠠᠯ ᠢᠶᠠᠷ ᠳᠠᠮᠵᠢᠨ ᠰᠢᠬᠢᠷᠵᠢᠭᠰᠡᠨ ᠡᠴᠦᠰ ᠤᠨ ᠪᠦᠲᠦᠭᠡᠭᠳᠡᠬᠦᠨ ︵ | AGEs︶ ᠡᠭᠦᠰᠦᠨ᠎ᠡ᠂ ᠬᠠᠷᠢᠨAGEs ᠨᠢ ᠴᠠᠪᠠᠤᠯᠢᠭ ᠤᠭᠤᠷᠠᠭ᠂ ᠬᠠᠷᠢᠮᠠᠬᠠᠶ ᠤᠭᠤᠷᠠᠭ ᠢ ᠰᠢᠬᠢᠷᠵᠢᠭᠦᠯᠵᠦ᠂ | ᠠᠷᠠᠰᠤᠨ ᠤ ᠥᠲᠡᠯᠬᠦ ᠶᠢ ᠲᠦᠷᠭᠡᠳᠬᠡᠨ᠎ᠡ᠃ | ᠰᠢᠬᠢᠷᠯᠢᠭ ᠢᠳᠡᠭᠡᠨ ᠢ ᠬᠡᠲᠦᠷᠬᠡᠶ ᠠᠷᠪᠢᠨ ᠢᠳᠡᠪᠡᠯ ᠰᠢᠳᠦ ᠪᠠ ᠠᠷᠠᠰᠤ ᠶᠢ ᠭᠡᠮᠲᠦᠭᠡᠬᠦ ᠠᠴᠠ ᠭᠠᠳᠠᠨ᠎ᠠ᠂ | ᠨᠢᠳᠦᠨ ᠤ ᠡᠷᠡᠭᠦᠯ ᠮᠡᠨᠳᠦ ᠳᠤ ᠴᠦ ᠰᠦᠷᠳᠡᠭᠦᠯᠦᠯ ᠪᠣᠯᠳᠠᠭ᠃ | ᠵᠠᠷᠢᠮ ᠰᠤᠳᠤᠯᠭᠠᠨ ᠠᠴᠠ ᠦᠵᠡᠪᠡᠯ᠂ ᠰᠢᠬᠢᠷ ᠶᠡᠬᠡᠲᠡᠶ ᠢᠳᠡᠭᠡᠨ ᠤᠮᠳᠠᠭᠠᠨ ᠨᠢ ᠣᠶᠢᠷ᠎ᠠ | ᠬᠠᠷᠠᠭ᠎ᠠ ᠵᠢᠨᠲ᠋ᠦ᠋ᠭᠰᠢᠭᠦᠷᠢ ᠶᠢ ᠨᠡᠮᠡᠭᠳᠡᠭᠦᠯᠦᠨ᠎ᠡ᠃ ᠤᠴᠢᠷ ᠨᠢ ᠤᠷᠲᠤ ᠬᠤᠭᠤᠴᠠᠭ᠎ᠠ ᠪᠠᠷ ᠥᠨᠳᠥᠷ ᠰᠢᠬᠢᠷ ᠢ | ᠰᠢᠩᠭᠡᠭᠡᠨ ᠠᠪᠬᠤ ᠨᠢ ᠪᠡᠶ᠎ᠡ ᠵᠢᠨᠲ᠋ᠣᠲᠣᠷᠠᠬᠢ ᠴᠢᠰᠤᠨ ᠰᠢᠬᠢᠷ᠂ ᠨᠦᠢᠷ ᠤᠨ ᠠᠷᠠᠯ ᠤᠨ ᠡᠳ᠋᠂ ᠨᠦᠢᠷ ᠤᠨ ᠥᠨᠳᠥᠷ | ᠴᠢᠰᠤᠨ ᠰᠢᠬᠢᠷ ᠤᠨ ᠡᠳ᠋ ᠤᠨ ᠬᠡᠮᠵᠢᠶ᠎ᠡ ᠵᠢᠰᠢᠭᠤᠳ ᠨᠥᠯᠥᠭᠡᠯᠡᠬᠦ ᠶᠢᠨ ᠤᠯᠠᠮ ᠠᠴᠠ ᠣᠯᠠᠨ ᠡᠰᠢᠲᠦ ᠠᠯᠺᠣᠣᠯ ᠤᠨ | ᠵᠠᠮ᠂ ᠨᠦᠢᠷ ᠤᠨ ᠥᠨᠳᠥᠷ ᠴᠢᠰᠤᠨ ᠰᠢᠬᠢᠷ ᠤᠨᠡᠳ᠋ ᠤᠨ ᠳᠣᠬᠢᠶᠠᠨ ᠤ ᠵᠠᠮ ᠪᠠ ᠨᠦᠢᠷ ᠤᠨ ᠠᠷᠠᠯ ᠤᠨ | ᠡᠳ᠋ ᠤᠨ ᠳᠣᠬᠢᠶᠠᠨ ᠤ ᠵᠠᠮ ᠢ ᠨᠥᠯᠥᠭᠡᠯᠡᠨ᠎ᠡ᠃ ᠪᠠᠰᠠ ᠪᠡᠶ᠎ᠡ ᠵᠢᠨᠲ᠋ᠣᠲᠣᠷᠠᠬᠢ ᠴᠢᠰᠤᠨ ᠰᠢᠬᠢᠷ ᠤᠨ ᠲᠦᠪᠰᠢᠨ ᠢ | ᠳᠡᠭᠡᠭᠰᠢᠯᠡᠭᠦᠯᠵᠦ᠂ ᠪᠣᠯᠣᠷᠯᠢᠭ ᠪᠡᠶ᠎ᠡ ᠶᠢᠨ ᠣᠯᠠᠨ ᠡᠰᠢᠲᠦ ᠠᠯᠺᠣᠣᠯ ᠢ ᠢᠳᠡᠪᠬᠢᠵᠢᠭᠦᠯᠬᠦ ᠪᠠᠷ ᠳᠠᠮᠵᠢᠨ ᠬᠦᠮᠦᠰ ᠢ | ᠭᠡᠷᠡᠯ ᠤᠨ ᠨᠤᠭᠤᠷᠠᠯᠲᠠ ᠶᠢᠨ ᠴᠢᠨᠠᠷᠲᠠᠶ ᠣᠶᠢᠷ᠎ᠠ ᠬᠠᠷᠠᠭ᠎ᠠ ᠳᠤ ᠨᠡᠷᠪᠡᠭᠳᠡᠭᠦᠯᠵᠦ ᠮᠡᠳᠡᠨ᠎ᠡ᠃ | ᠶᠡᠷᠦᠩᠬᠡᠶᠢᠯᠡᠪᠡᠯ᠂ ᠰᠢᠬᠢᠷ ᠥᠨᠳᠥᠷ ᠢᠳᠡᠭᠡᠨ ᠤᠮᠳᠠᠭᠠᠨ ᠨᠢ ᠬᠥᠮᠦᠨ ᠤ ᠪᠡᠶ᠎ᠡ ᠳᠤ ᠠᠯᠢ ᠣᠯᠠᠨ | ᠬᠤᠪᠢᠷᠠᠯᠲᠠ ᠶᠢ ᠡᠭᠦᠰᠭᠡᠵᠦ᠂ ᠣᠶᠢᠷ᠎ᠠ ᠬᠠᠷᠠᠭ᠎ᠠ ᠶᠢᠨ ᠡᠭᠦᠰᠬᠦ ᠲᠣᠬᠢᠶᠠᠯᠳᠤᠮᠵᠢ ᠶᠢ ᠨᠡᠮᠡᠭᠳᠡᠭᠦᠯᠳᠡᠭ᠃ | ᠡᠭᠦᠨ ᠠᠴᠠ ᠭᠠᠳᠠᠨ᠎ᠠ᠂ ᠵᠠᠯᠠᠭᠤ ᠪᠠᠭᠠᠴᠤᠳ ᠤᠨ ᠣᠶᠢᠷ᠎ᠠ ᠬᠠᠷᠠᠭ᠎ᠠ ᠪᠠ ᠠᠮᠢᠳᠤᠷᠠᠯ ᠤᠨ ᠢᠳᠡᠭᠡᠨ | ᠤᠮᠳᠠᠭᠠᠨ ᠤ ᠳᠠᠳᠬᠠᠯ ᠤᠨ ᠲᠤᠬᠠᠶ ᠪᠠᠶᠢᠴᠠᠭᠠᠯᠲᠠ ᠶᠢᠨ ᠳ᠋ᠦᠩ ᠠᠴᠠ ᠦᠵᠡᠪᠡᠯ᠄ ᠦᠷᠭᠦᠯᠵᠢ ᠰᠢᠬᠢᠷᠯᠢᠭ ᠢᠳᠡᠭᠡᠨ | ᠢᠳᠡᠳᠡᠭ ᠵᠠᠯᠠᠭᠤᠴᠤᠳᠪᠠᠭᠠᠴᠤᠳ ᠤᠨ ᠬᠠᠷᠠᠭᠠᠨ ᠤ ᠬᠡᠪ ᠤᠨ ᠪᠤᠰᠤ ᠶᠢᠨ ᠨᠣᠷᠮ᠎ᠠ ᠨᠢ 78.49% ᠳᠤ ᠬᠦᠷᠴᠦ᠂ | ᠬᠠᠷᠢᠨ ᠰᠢᠬᠢᠷᠯᠢᠭ ᠢᠳᠡᠭᠡᠨ ᠢᠳᠡᠳᠡᠭ ᠥᠬᠡᠶ ᠵᠠᠯᠠᠭᠤᠴᠤᠳ ᠪᠠᠭᠠᠴᠤᠳ ᠤᠨ ᠬᠠᠷᠠᠭᠠᠨ ᠤ ᠬᠡᠪ ᠤᠨ ᠪᠤᠰᠤ ᠶᠢᠨ | ᠨᠣᠷᠮ᠎ᠠ ᠨᠢ 57.95% ᠪᠠᠶᠢᠳᠠᠭ᠃ | ᠡᠨᠡ ᠨᠢ ᠰᠢᠬᠢᠷᠯᠢᠭ ᠢᠳᠡᠭᠡᠨ ᠢ ᠬᠡᠲᠦᠷᠬᠡᠶ ᠠᠷᠪᠢᠨ ᠢᠳᠡᠪᠡᠯ ᠴᠢᠰᠤᠨ ᠴᠠᠶᠢᠪᠠᠩ ᠳᠠᠬᠢ ᠸᠢᠲ᠋ᠠᠮᠢᠨ | D ᠵᠢᠨᠠᠭᠤᠯᠤᠭᠳᠠᠴᠠ ᠶᠢ ᠪᠠᠭᠤᠷᠠᠭᠤᠯᠤᠭᠰᠠᠨ ᠠᠴᠠ ᠪᠣᠯᠤᠭᠰᠠᠨ ᠪᠠᠶᠢᠵᠤ ᠮᠡᠳᠡᠨ᠎ᠡ᠂ ᠪᠠᠰᠠ ᠰᠢᠬᠢᠷᠯᠢᠭ | ᠢᠳᠡᠭᠡᠨ ᠢ ᠰᠢᠩᠭᠡᠭᠡᠬᠦᠶᠠᠪᠤᠴᠠ ᠳᠤ ᠶᠡᠭᠡ ᠬᠡᠮᠵᠢᠶᠡᠨ ᠤ ᠸᠢᠲ᠋ᠠᠮᠢᠨ B1 ᠵᠠᠷᠤᠴᠠᠭᠤᠯᠤᠭᠰᠠᠨ ᠠᠴᠠ ᠶᠡᠭᠡ ᠬᠡᠮᠵᠢᠶᠡᠨ ᠤ | ᠬᠦᠴᠢᠯᠯᠢᠭ ᠪᠣᠳᠠᠰ ᠢ ᠡᠭᠦᠰᠭᠡᠵᠦᠴᠢᠰᠤᠨ ᠤ ᠺᠠᠯᠼ ᠢ ᠪᠠᠭᠤᠷᠠᠭᠤᠯᠵᠤ᠂ ᠪᠠᠰᠠ ᠨᠢᠳᠦᠨ ᠤ ᠳᠣᠲᠣᠷᠠᠬᠢ | ᠲᠣᠰᠬᠤᠭᠤᠷ ᠤᠨ ᠤᠰᠤᠨ ᠤ ᠨᠡᠪᠴᠢᠯᠲᠡ ᠵᠢᠨᠲ᠋ᠠᠷᠤᠯᠲᠠ ᠶᠢᠨ ᠬᠤᠪᠢᠷᠠᠯᠲᠠ ᠶᠢ ᠡᠭᠦᠰᠭᠡᠵᠦ᠂ ᠲᠠᠯᠠᠰᠯᠢᠭ ᠪᠡᠶ᠎ᠡ | ᠭᠦᠳᠦ᠋ᠢᠵᠦ᠂ ᠬᠠᠷᠠᠭ᠎ᠠ ᠶᠢ ᠪᠠᠯᠠᠷᠬᠠᠶᠢᠰᠢᠭᠤᠯᠤᠭᠰᠠᠨ ᠠᠴᠠ ᠪᠣᠯᠤᠭᠰᠠᠨ ᠪᠠᠶᠢᠵᠤ ᠮᠡᠳᠡᠨ᠎ᠡ᠃ | ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠢᠭᠠᠯᠲᠠ ︵2022︶︾ | ᠵᠢᠨᠰᠠᠨᠠᠭᠤᠯᠭᠠ ᠶᠢ ᠦᠨᠳᠦᠰᠦᠯᠡᠪᠡᠯ᠂ ᠬᠥᠮᠦᠨ ᠪᠦᠷᠢ ᠶᠢᠨ ᠡᠳᠦᠷ ᠪᠦᠷᠢ ᠶᠢᠨ ᠢᠳᠡᠬᠦ ᠨᠡᠮᠡᠯᠲᠡ ᠰᠢᠬᠢᠷ ᠤᠨ | ᠬᠡᠮᠵᠢᠶ᠎ᠡ ᠬᠠᠮᠤᠭᠰᠠᠶᠢᠨ ᠨᠢ 25 ᠭᠷᠠᠮ ᠠᠴᠠ ᠬᠡᠲᠦᠷᠡᠬᠦ ᠦᠬᠡᠢ ᠪᠠᠶᠢᠪᠠᠯ ᠰᠠᠶᠢᠨ᠃ ᠨᠡᠮᠡᠯᠲᠡ ᠰᠢᠬᠢᠷ ᠭᠡᠳᠡᠭ ᠨᠢ | ᠵᠥᠪᠬᠡᠨ ᠴᠠᠭᠠᠨ ᠡᠯᠡᠰᠦᠨ ᠰᠢᠬᠢᠷ᠂ ᠨᠢᠰᠢᠩᠭᠦ ᠶᠢᠨ ᠰᠢᠬᠢᠷ᠂ ᠪᠤᠷᠠᠮ᠂ ᠴᠠᠭᠠᠨ ᠰᠢᠬᠢᠷ᠂ ᠮᠥᠰᠥᠨ ᠰᠢᠬᠢᠷ ᠲᠡᠳᠦᠶ | ᠪᠢᠰᠢ᠂ ᠮᠠᠰᠢ ᠤᠯᠠᠨ ᠢᠳᠡᠭᠡᠨ ᠤᠨᠠᠶᠢᠷᠠᠯᠭᠠ ᠶᠢᠨ ᠬᠦᠰᠦᠨᠦᠭᠲᠦ ᠳᠤ ᠨᠡᠮᠡᠭᠰᠡᠨ ᠵᠥᠭᠡᠢ ᠶᠢᠨ ᠪᠠᠯ᠂ ᠵᠢᠮᠢᠰ ᠤᠨ | ᠰᠢᠬᠢᠷ᠂ ᠵᠢᠮᠢᠰ ᠤᠨ ᠦᠵᠦᠮ ᠤᠨ ᠰᠢᠬᠢᠷ ᠤᠨ ᠡᠭᠡᠳᠡᠩ᠂ ᠡᠷᠳᠡᠨᠢ ᠰᠢᠰᠢ ᠶᠢᠨ ᠰᠢᠬᠢᠷ ᠤᠨ ᠡᠭᠡᠳᠡᠩ ᠵᠡᠷᠭᠡ ᠨᠢ | ᠪᠠᠰᠠ ᠨᠡᠮᠡᠯᠲᠡ ᠰᠢᠬᠢᠷ ᠲᠤ ᠪᠠᠭᠲᠠᠨ᠎ᠠ᠃ | ᠰᠢᠳᠦ᠂ ᠠᠷᠠᠰᠤ᠂ ᠨᠢᠳᠦ ᠶᠢᠨ ︽ᠥᠲᠡᠯᠬᠦ︾ ᠶᠢ ᠤᠳᠠᠭᠠᠨ ᠪᠠᠶᠢᠯᠭᠠᠶ᠎ᠠ ᠭᠡᠵᠦ ᠪᠣᠳᠣᠪᠠᠯ᠂ ᠰᠢᠬᠢᠷ | ᠳᠤᠲᠠᠭᠤ ᠢᠳᠡᠭᠡᠷᠡᠢ︕ | |