ᠡᠨᠡ ᠳᠥᠷᠪᠡᠨ ᠦᠰᠦᠭ ᠲᠠᠢ ᠵᠢᠶᠠᠩᠶ᠋ᠢᠦ ᠶᠢ ᠪᠢᠲᠡᠭᠡᠶ ᠠᠪ
ᠨᠡᠶᠢᠲᠡᠯᠡᠭᠰᠡᠨ ᠴᠠᠭ᠄
2024/1/10
     ᠨᠢᠭᠡ᠂ ᠵᠢᠶᠠᠩᠶ᠋ᠢᠦ ᠰᠣᠩᠭᠤᠬᠤ ᠦᠶᠡᠰ᠂ ᠡᠨᠡ ᠳᠥᠷᠪᠡᠨ ᠦᠰᠦᠭ ᠲᠠᠢ ᠵᠢᠶᠠᠩᠶ᠋ᠢᠦ ᠶᠢ ᠪᠢᠲᠡᠭᠡᠶ ᠠᠪ            ᠬᠡᠷᠪᠡ ᠭᠡᠷ ᠲᠤ ᠴᠢᠨᠢ ᠪᠠᠶᠢᠭ᠎ᠠ ᠪᠤᠶᠤ ᠬᠡᠷᠡᠭᠯᠡᠵᠦ ᠪᠠᠶᠢᠭ᠎ᠠ ᠵᠢᠶᠠᠩᠶ᠋ᠢᠦ ᠴᠢᠨᠢ ︽ᠨᠠᠶᠢᠷᠠᠭᠤᠯᠤᠬᠰᠠᠨ ᠵᠢᠶᠠᠩᠶ᠋ᠢᠦ(配制酱油)︾ ᠭᠡᠵᠦ ᠪᠠᠶᠢᠪᠠᠯ ᠢᠳᠡᠭᠰᠡᠨ ᠬᠡᠷᠡᠭ ᠦᠭᠡᠢ᠂  ᠵᠢᠶᠠᠩᠶ᠋ᠢᠦ ᠬᠤᠳᠠᠯᠳᠤᠨ ᠠᠪᠬᠤ ᠳᠠᠭᠠᠨ ᠬᠠᠮᠤᠭ ᠰᠠᠶᠢᠨ ᠨᠢ ᠨᠡᠷᠡᠭᠰᠡᠨ ᠵᠢᠶᠠᠩᠶ᠋ᠢᠦ(酿造酱油) ᠶᠢ ᠰᠣᠩᠭᠤᠭᠠᠷᠠᠶ᠃            ᠬᠤᠶᠠᠷ᠂ ᠬᠡᠷᠬᠢᠨ ᠨᠢᠭᠡ ᠯᠣᠩᠬᠤ ᠰᠠᠶᠢᠨ ᠵᠢᠶᠠᠩᠶ᠋ᠢᠦ ᠰᠣᠩᠭᠤᠬᠤ ᠪᠤᠢ︖              1. ᠵᠢᠶᠠᠩᠶ᠋ᠢᠦ ᠶᠢᠨ ᠨᠠᠶᠢᠷᠠᠯᠭ᠎ᠠ   ᠶᠢᠨ  ᠬᠦᠰᠦᠨᠦᠭᠲᠦ   ᠳᠤ᠄ ︽ᠠᠮᠢᠨᠣ᠋ ᠬᠦᠴᠢᠯ ᠤᠨ ᠲᠥᠯᠥᠪᠲᠦ ᠠᠽᠣᠲ(氨基酸态氮)︾ ᠤᠨ ᠠᠭᠤᠯᠤᠭᠳᠠᠴᠠ ᠨᠢ ᠥᠨᠳᠥᠷ ᠪᠠᠶᠢᠪᠠᠯ ᠰᠠᠶᠢᠨ ᠵᠢᠶᠠᠩᠶ᠋ᠢᠦ︔              2. ᠵᠢᠶᠠᠩᠶ᠋ᠢᠦ ᠶᠢᠨ ᠯᠣᠩᠬᠤ ᠶᠢ ᠰᠠᠵᠢᠯᠠᠭᠤᠯᠵᠦ ᠦᠵᠡᠪᠡᠯ᠄ ᠬᠥᠭᠡᠰᠦ ᠨᠢ ᠪᠠᠭ᠎ᠠ ᠮᠥᠷᠲᠡᠭᠡᠨ ᠵᠢᠭᠳᠡ᠂ ᠠᠮᠠᠷᠬᠠᠨ‌‍ᠰᠠᠷᠨᠢᠬᠤ ᠦᠭᠡᠢ ᠪᠤᠯ ᠰᠠᠶᠢᠨ ᠵᠢᠶᠠᠩᠶ᠋ᠢᠦ᠃              ᠭᠤᠷᠪᠠ᠂ ᠵᠢᠶᠠᠩᠶ᠋ᠢᠦ ᠠᠷᠪᠢᠨ ᠢᠳᠡᠪᠡᠯ ᠥᠮᠡᠨ ᠤᠯᠤᠨ᠎ᠠ ᠬᠡᠵᠢ ᠦᠦ︖              ᠵᠢᠶᠠᠩᠶ᠋ᠢᠦ ᠢᠳᠡᠭᠡᠳ ᠥᠮᠡᠨ ᠤᠯᠬᠤ ᠦᠭᠡᠢ ᠶᠤᠮ᠃ ᠡᠩ ᠤᠨ ᠦᠶ᠎ᠡ ᠶᠢᠨ ᠢᠳᠡᠬᠦ ᠬᠡᠮᠵᠢᠶ᠎ᠡ ᠪᠠᠷ ᠨᠢ ᠬᠡᠷᠡᠭᠯᠡᠪᠡᠯ ᠬᠥᠮᠦᠨ ᠤ ᠪᠡᠶ᠎ᠡ ᠳᠤ ᠡᠷᠡᠭᠦᠯ ᠮᠡᠨᠳᠦ ᠶᠢᠨ ᠠᠰᠠᠭᠤᠳᠠᠯ ᠭᠠᠷᠬᠤ ᠦᠭᠡᠢ᠂ ᠦᠭᠡᠷ᠎ᠡ ᠪᠠᠷ ᠬᠡᠯᠡᠪᠡᠯ      ᠬᠡᠪ   ᠤᠨ ᠬᠡᠮᠵᠢᠶ᠎ᠡ   ᠪᠠᠷ ᠨᠢ ᠵᠢᠶᠠᠩᠶ᠋ᠢᠦ ᠶᠢ ᠬᠡᠷᠡᠭᠯᠡᠪᠡᠯ ᠠᠮᠤᠷ ᠲᠦᠪᠰᠢᠨ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号