ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠶᠢ ᠬᠠᠷᠢᠨ ︽ᠬᠠᠭᠤᠷᠮᠠᠭ ᠲᠤᠲᠤᠷᠭ᠎ᠠ︾ ᠪᠠᠷ ᠬᠢᠭᠰᠡᠨ ᠤᠤ︖ ᠡᠶᠢᠮᠦ ᠪᠤᠳᠠᠭ᠎ᠠ ᠶᠢ ᠢᠳᠡᠪᠡᠯ ᠪᠡᠶ᠎ᠡ ᠳᠤ ᠬᠤᠤᠷᠲᠠᠶ ᠦᠦ︖
ᠨᠡᠶᠢᠲᠡᠯᠡᠭᠰᠡᠨ ᠴᠠᠭ᠄
2024/12/16
     ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠨᠢ ᠦᠨᠡᠬᠡᠷ ︽ᠵᠢᠩᠬᠢᠨᠢ ᠲᠤᠲᠤᠷᠭ᠎ᠠ︾ ᠪᠢᠰᠢ ᠶᠠᠭᠤᠨ ᠤ ᠡᠮᠦᠨ᠎ᠡ᠂ ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠶᠢ ᠬᠢᠬᠦ ᠳᠤ ︽ᠪᠤᠳᠠᠭ᠎ᠠ︾ ᠬᠡᠷᠡᠭᠯᠡᠳᠡᠭ᠂ ᠭᠡᠪᠡᠴᠦ ᠡᠨᠡ ᠨᠢ ᠦᠨᠡᠬᠡᠷ ︽ᠵᠢᠩᠬᠢᠨᠢ ᠲᠤᠲᠤᠷᠭ᠎ᠠ︾ ᠪᠢᠰᠢ᠂ ᠬᠠᠷᠢᠨ᠄ ᠳᠠᠬᠢᠨ ᠨᠠᠶᠢᠷᠠᠭᠤᠯᠤᠨ ᠬᠢᠭᠰᠡᠨ ᠪᠤᠳᠠᠭ᠎ᠠ ᠪᠤᠶᠤ ᠡᠰᠡᠬᠦᠯ᠎ᠡ ᠨᠡᠶᠢᠯᠡᠮᠡᠯ ᠲᠤᠲᠤᠷᠭ᠎ᠠ᠂ ᠳᠠᠬᠢᠨ ᠨᠠᠶᠢᠷᠠᠭᠤᠯᠤᠨ ᠦᠢᠯᠡᠳᠦᠭᠰᠡᠨ ᠲᠤᠲᠤᠷᠭ᠎ᠠ ᠪᠤᠯᠤᠨ᠎ᠠ᠃ ᠡᠭᠦᠨ ᠢ ᠳᠠᠬᠢᠨ ᠨᠠᠶᠢᠷᠠᠭᠤᠯᠤᠨ ᠬᠢᠭᠰᠡᠨ ᠲᠤᠲᠤᠷᠭ᠎ᠠ ᠭᠡᠵᠦ ᠲᠦᠭᠦᠮᠭᠡᠨ ᠢᠶᠠᠷ ᠤᠶᠢᠯᠠᠭᠠᠵᠤ ᠪᠤᠯᠤᠨ᠎ᠠ᠂ ᠭᠤᠤᠯᠳᠠᠭᠤ ᠲᠤᠲᠤᠷᠭ᠎ᠠ᠂ ᠪᠣᠭᠤᠳᠠᠶ ᠪᠠᠷ ᠭᠤᠤᠯ ᠲᠦᠭᠦᠬᠡᠶ ᠮᠠᠲ᠋ᠧᠷᠢᠶᠠᠯ ᠪᠣᠯᠭᠠᠵᠤ᠂ ᠵᠣᠬᠢᠬᠤ ᠬᠠᠷᠢᠴᠠᠯ ᠢᠶᠠᠷ ᠨᠠᠶᠢᠷᠠᠭᠤᠯᠤᠨ ᠦᠢᠯᠡᠳᠴᠦ ᠴᠢᠨᠠᠵᠦ ᠭᠠᠷᠭᠠᠭᠠᠳ᠂ ᠬᠡᠮᠬᠡᠯᠦᠭᠰᠡᠨ ᠤ ᠳᠠᠷᠠᠭ᠎ᠠ ᠰᠢᠬᠠᠨ ᠳᠠᠷᠤᠵᠤ ᠬᠥᠭᠡᠯᠭᠡᠵᠦ ᠡᠳ᠋ᠰᠢᠬᠦᠯᠦᠨ ᠪᠣᠯᠪᠠᠰᠤᠷᠠᠭᠤᠯᠵᠦ ᠭᠠᠷᠭᠠᠳᠠᠭ᠂ ᠭᠠᠳᠠᠷ ᠬᠡᠯᠪᠡᠷᠢ ᠲᠦᠷᠰᠦ ᠨᠢ ᠡᠩ ᠤᠨ ᠲᠤᠲᠤᠷᠭ᠎ᠠ ᠲᠠᠢ ᠠᠳᠠᠯᠢᠪᠲᠤᠷ ᠪᠠᠶᠢᠳᠠᠭ ᠶᠤᠮ᠃     ᠵᠢᠩᠬᠢᠨᠢ ᠲᠤᠲᠤᠷᠭ᠎ᠠ ᠶᠢ ᠬᠠᠭᠠᠰ ᠴᠠᠭ ᠵᠢᠩᠨᠡᠮᠡᠨᠵᠢᠨ ᠰᠠᠶ᠋ᠢ ᠢᠳᠡᠳᠡᠭ᠂ ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠶᠢ ᠠᠷᠪᠠᠨ ᠮᠢᠨᠦ᠋ᠲ ᠬᠠᠯᠠᠭᠠᠪᠠᠯ ᠳᠠᠷᠤᠶ ᠢᠳᠡᠳᠡᠭ᠃ ᠲᠡᠭᠡᠪᠡᠯ ᠶᠠᠭᠠᠬᠢᠭᠠᠳ ᠥᠪᠡᠷ ᠢᠶᠠᠨ ᠬᠠᠯᠠᠭᠠᠵᠤ ᠢᠳᠡᠬᠦᠲ᠋ᠤᠲᠤᠷᠭ᠎ᠠ ᠪᠤᠳᠠᠭ᠎ᠠ ᠶᠢᠨ ︽ᠳᠠᠬᠢᠨ ᠨᠠᠶᠢᠷᠠᠭᠤᠯᠤᠨ ᠬᠢᠭᠰᠡᠨ ᠲᠤᠲᠤᠷᠭ᠎ᠠ︾ ᠨᠢ ᠬᠤᠷᠳᠤᠨ ᠪᠤᠯᠳᠠᠭ ᠪᠣᠶ︖ ᠵᠧᠵᠢᠶᠠᠩ ᠮᠤᠵᠢ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ 2023 ᠣᠨ ᠤ 11 ᠰᠠᠷ᠎ᠠ ᠳᠤ ᠠᠯᠪᠠᠨ ᠰᠦᠯᠵᠢᠶᠡᠨ ᠳᠡᠭᠡᠷ᠎ᠡ ᠪᠢᠴᠢᠭ ᠮᠠᠲ᠋ᠧᠷᠢᠶᠠᠯ ᠨᠡᠶᠢᠳᠡᠯᠡᠵᠦ ᠭᠡᠯᠡᠬᠦ ᠳᠡᠭᠡᠨ᠂ ᠡᠩ ᠤᠨ ᠲᠦᠭᠦᠬᠡᠶ ᠪᠤᠳᠠᠭ᠎ᠠ ᠲᠠᠢ ᠠᠳᠠᠯᠢ ᠥᠬᠡᠶ ᠪᠠᠶᠢᠳᠠᠭ ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠨᠢ ᠡᠳ᠋ᠰᠢᠬᠦᠯᠦᠨ ᠪᠤᠯᠭᠤᠬᠰᠠᠨ ᠪᠤᠳᠠᠭ᠎ᠠ ᠪᠣᠯᠬᠤᠷ ᠬᠠᠯᠠᠭᠤᠯᠤᠭᠰᠠᠨ ᠤ ᠳᠠᠷᠠᠭ᠎ᠠ ᠨᠠᠩ ᠬᠤᠷᠳᠤᠨ ᠪᠣᠯᠳᠠᠭ᠃ ᠳᠠᠬᠢᠨ ᠨᠠᠶᠢᠷᠠᠭᠤᠯᠤᠨ ᠬᠢᠭᠰᠡᠨ ᠲᠤᠲᠤᠷᠭ᠎ᠠ ᠶᠢ ᠡᠩ ᠤᠨ ᠲᠤᠲᠤᠷᠭ᠎ᠠ ᠶᠢ ᠬᠡᠮᠬᠡᠯᠬᠦ᠂ ᠰᠢᠬᠠᠨ ᠳᠠᠷᠤᠬᠤ᠂ ᠵᠢᠩᠨᠡᠵᠦ ᠴᠢᠨᠠᠬᠤ᠂ ᠪᠤᠯᠭᠤᠬᠤ᠂ ᠬᠥᠷᠥᠭᠡᠬᠦ᠂ ᠮᠥᠬᠦᠯᠢᠭᠵᠢᠬᠦᠯᠬᠦ ᠵᠡᠷᠭᠡ ᠠᠯᠬᠤᠮ ᠲᠠᠷᠠᠭ᠎ᠠ ᠪᠠᠷ ᠬᠢᠵᠦ ᠪᠦᠲᠦᠭᠡᠭᠰᠡᠨ ᠶᠤᠮ᠂ ᠡᠶᠢᠮᠦ ᠠᠴᠠ ᠪᠤᠴᠠᠯᠤᠭᠰᠠᠨ ᠤᠰᠤ ᠪᠠᠷ ᠳᠡᠪᠲᠦᠭᠡᠪᠡᠯ ᠳᠠᠷᠤᠶ ︽ᠪᠤᠯᠭᠤᠬᠰᠠᠨ ᠪᠤᠳᠠᠭ᠎ᠠ︾ ᠪᠤᠯᠳᠠᠭ ᠪᠤᠯᠬᠤᠷ ᠲᠦᠷᠭᠡᠨ ᠢᠳᠡᠵᠦ ᠪᠣᠯᠤᠨ᠎ᠠ᠃ ᠢᠡᠭᠭᠢᠵᠦ ᠮᠠᠰᠢᠨ ᠢᠶᠠᠷ ᠬᠡᠮᠬᠡᠯᠡᠵᠦ ᠰᠢᠬᠠᠨ ᠳᠠᠷᠤᠵᠤ ᠲᠠᠬᠢᠨ ᠡᠳ᠋ᠰᠢᠬᠦᠯᠦᠨ ᠪᠤᠯᠪᠠᠰᠤᠷᠠᠭᠤᠯᠤᠬᠰᠠᠨ ᠵᠢᠩᠬᠢᠨᠢ ᠲᠤᠲᠤᠷᠭ᠎ᠠ ᠲᠠᠢ ᠠᠳᠠᠯᠢᠪᠳᠤᠷ ᠬᠡᠯᠪᠡᠷᠢ ᠲᠦᠷᠰᠦ ᠲᠠᠢ ᠬᠢᠮᠡᠯ ᠪᠤᠳᠠᠭ᠎ᠠ ᠨᠢ ᠵᠢᠩᠬᠢᠨᠢ ᠲᠤᠲᠤᠷᠭ᠎ᠠ ᠪᠢᠰᠢ ᠶᠤᠮ ᠭᠡᠪᠡ᠃      ᠳᠠᠬᠢᠨ ᠨᠠᠶᠢᠷᠠᠭᠤᠯᠤᠨ ᠬᠢᠭᠰᠡᠨ ᠪᠤᠳᠠᠭ᠎ᠠ ᠶᠢ ᠢᠳᠡᠬᠦ ᠳᠤ ᠠᠮᠤᠷ ᠲᠦᠪᠰᠢᠨ ᠦᠦ︖ ᠡᠶᠢᠮᠦ ᠪᠤᠳᠠᠭ᠎ᠠ ᠶᠢ ᠢᠳᠡᠪᠡᠯ ᠪᠡᠶ᠎ᠡ ᠳᠤ ᠬᠤᠤᠷᠲᠠᠶ ᠦᠦ︖     ᠵᠧᠵᠢᠶᠠᠩ ᠶᠡᠭᠡ ᠰᠤᠷᠭᠠᠭᠤᠯᠢ ᠶᠢᠨ ᠰᠢᠮ᠎ᠡ ᠲᠡᠵᠢᠭᠡᠯ ᠤᠨ ᠤᠬᠠᠭᠠᠨ ᠤ ᠫᠷᠤᠹᠧᠰᠰᠤᠷ ᠱᠧᠨ ᠯᠢ ᠷᠦᠩ 2022 ᠣᠨ ᠳᠤ ᠴᠢᠶᠠᠨ ᠵᠢᠶᠠᠩ ᠤᠨ ᠤᠷᠤᠢ ᠶᠢᠨ ᠰᠣᠨᠢᠨ ᠤ ᠰᠤᠷᠪᠤᠯᠵᠢᠯᠠᠭ᠎ᠠ ᠶᠢ ᠬᠦᠯᠢᠶᠡᠬᠦ ᠳᠡᠭᠡᠨ᠂ ᠰᠢᠬᠢᠷ ᠰᠢᠵᠢᠩ ᠡᠪᠡᠳᠴᠢᠲᠡᠨ ᠵᠢᠴᠢ ᠴᠢᠰᠤᠨ ᠤ ᠥᠭᠡᠬᠦ ᠡᠷᠡᠭᠦᠯ ᠪᠤᠰᠤ ᠡᠪᠡᠳᠴᠢᠲᠡᠨ ᠨᠢ ᠠᠯᠢ ᠴᠢᠳᠠᠬᠤ ᠪᠠᠷ ᠳᠠᠩ ᠬᠤᠣᠰ ᠭᠯᠢᠽᠧᠷᠢᠨ ᠥᠭᠡᠬᠦᠨ ᠬᠦᠴᠢᠯ ᠤᠨ ᠡᠰᠲ᠋ᠧᠷ ᠲᠠᠢ ᠢᠳᠡᠭᠡᠨ ᠢ ᠪᠠᠭ᠎ᠠ ᠢᠳᠡᠪᠡᠯ ᠵᠣᠬᠢᠨ᠎ᠠ᠃ ︽ᠡᠶᠢᠮᠦ ᠲᠥᠷᠥᠯ ᠤᠨ ᠪᠣᠳᠠᠰ ᠨᠢ ᠡᠪᠡᠳᠴᠢᠲᠡᠨ ᠤ ᠪᠡᠶ᠎ᠡ ᠶᠢᠨ ᠳᠣᠲᠣᠷᠠᠬᠢ ᠥᠭᠡᠬᠦᠨ ᠬᠦᠴᠢᠯ ᠤᠨ ᠠᠭᠤᠯᠤᠭᠳᠠᠴᠠ ᠶᠢ ᠨᠡᠮᠡᠭᠳᠡᠭᠦᠯᠳᠡᠭ᠂ ᠡᠶᠢᠮᠦ ᠠᠴᠠ ᠡᠪᠡᠳᠴᠢᠲᠡᠨ ᠤ ᠴᠢᠰᠤᠨ ᠤ ᠥᠭᠡᠬᠦ᠂ ᠴᠢᠰᠤᠨ ᠰᠢᠬᠢᠷ ᠢ ᠳᠡᠭᠡᠭᠰᠢᠯᠡᠭᠦᠯᠬᠦ ᠦᠢᠯᠡᠳᠦᠯ ᠲᠠᠢ ᠪᠠᠶᠢᠳᠠᠭ︾ ᠭᠡᠵᠦ ᠬᠡᠯᠡᠭᠰᠡᠨ ᠢᠶᠠᠨ ᠵᠠᠯᠭᠠᠭᠠᠳ᠂ ᠵᠠᠷᠢᠮ ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠶᠢᠨ ᠨᠠᠶᠢᠷᠠᠯᠭ᠎ᠠ ᠳᠤ ᠪᠠᠰᠠ ᠡᠷᠳᠡᠨᠢ ᠰᠢᠰᠢ ᠶᠢᠨ ᠴᠠᠷᠳᠠᠭᠤᠯ ᠪᠠᠶᠢᠳᠠᠭ ᠭᠡᠵᠦ ᠭᠡᠯᠡᠪᠡ᠃ ᠲᠡᠷᠡ ᠪᠠᠰᠠ᠄ ︽ᠡᠭᠦᠨ ᠢ ᠨᠡᠮᠡᠭᠰᠡᠨ ᠤ ᠵᠣᠷᠢᠯᠭ᠎ᠠ ᠨᠢ ᠮᠥᠨ ᠴᠦ ᠠᠮᠲᠠ ᠶᠢ ᠨᠢ ᠰᠠᠶᠢᠵᠢᠷᠠᠭᠤᠯᠬᠤ ᠶᠢᠨ ᠲᠥᠯᠥᠭᠡ ᠶᠤᠮ᠃ ᠤᠤᠯ ᠨᠢ ᠦᠨᠡᠬᠡᠷ ᠲᠥᠮᠥᠰᠥ ᠶᠢᠨ ᠴᠠᠷᠳᠠᠭᠤᠯ ᠢᠶᠠᠷ ᠬᠢᠮᠡᠯ ᠲᠤᠲᠤᠷᠭ᠎ᠠ ᠪᠣᠯᠪᠠᠰᠤᠷᠠᠭᠤᠯᠵᠦ ᠪᠠᠶᠢᠵᠠᠢ︾ ᠭᠡᠵᠦ ᠬᠡᠯᠡᠯ᠎ᠡ᠃     ᠲᠡᠭᠡᠪᠡᠯ ᠵᠠᠷᠢᠮ ᠦᠢᠯᠡᠳᠪᠦᠷᠢ ᠨᠢ ᠬᠠᠭᠤᠴᠢᠨ ᠠᠮᠤ ᠪᠤᠶᠤ ᠴᠢᠨᠠᠷ ᠬᠤᠪᠢᠷᠠᠭᠰᠠᠨ ᠲᠤᠲᠤᠷᠭ᠎ᠠ ᠪᠠᠷ ᠳᠠᠬᠢᠨ ᠨᠠᠶᠢᠷᠠᠭᠤᠯᠤᠨ ᠬᠢᠭᠰᠡᠨ ᠪᠤᠳᠠᠭ᠎ᠠ ᠬᠢᠵᠦ ᠪᠠᠶᠢᠨ᠎ᠠ ᠤᠤ ᠦᠭᠡᠢ ᠦᠦ︖ ᠴᠢᠶᠠᠨ ᠵᠢᠶᠠᠩ ᠤᠨ ᠣᠷᠣᠶ ᠶᠢᠨ ᠰᠣᠨᠢᠨ ᠤ ᠮᠡᠳᠡᠭᠡᠯᠡᠯ ᠢ ᠦᠨᠳᠦᠰᠦᠯᠡᠪᠡᠯ᠂ ᠵᠧᠵᠢᠶᠠᠩ ᠤᠨ ᠭᠦᠸᠧ ᠵᠧᠩ ᠰᠢᠯᠭᠠᠨ ᠪᠠᠶᠢᠴᠠᠭᠠᠬᠤ ᠮᠡᠷᠭᠡᠵᠢᠯ ᠤᠨ ᠬᠢᠵᠠᠭᠠᠷᠲᠤ ᠺᠣᠮᠫᠠᠨᠢ ᠶᠢᠨ ᠲᠤᠷᠰᠢᠯᠲᠠ ᠶᠢᠨ ᠲᠠᠰᠤᠭ ᠤᠨ ᠬᠢᠨ ᠬᠠᠷᠢᠴᠠᠭᠤᠯᠤᠭᠰᠠᠨ ᠳᠤᠭᠤᠶᠢᠯᠠᠩ ᠤᠨ ᠲᠤᠷᠰᠢᠯᠲᠠ ᠬᠢᠵᠦ᠂ ᠬᠤᠶᠠᠷ ᠵᠦᠢᠯ ᠤᠨ ᠲᠦᠭᠦᠬᠡᠶ ᠲᠤᠲᠤᠷᠭ᠎ᠠ᠂ ᠬᠡᠲᠦ ᠳᠡᠯᠭᠡᠭᠦᠷ ᠤᠨ ᠤᠷᠢᠳᠴᠢᠯᠠᠨ ᠪᠣᠭᠤᠳᠠᠯᠯᠠᠭᠰᠠᠨ ᠬᠤᠶᠠᠷ ᠵᠦᠢᠯ ᠤᠨ ᠬᠦᠢᠳᠡᠨ ᠪᠤᠳᠠᠭ᠎ᠠ᠂ ᠬᠤᠶᠠᠷ ᠵᠦᠢᠯ ᠤᠨ ᠥᠪᠡᠷ ᠢᠶᠠᠨ ᠬᠠᠯᠠᠭᠠᠵᠤ ᠢᠳᠡᠬᠦ ᠲᠤᠲᠤᠷᠭ᠎ᠠ ᠶᠢᠨ ᠪᠤᠳᠠᠭ᠎ᠠ ᠶᠢᠨ ᠪᠠᠭᠯᠠᠭ᠎ᠠ ᠳᠤ ᠰᠢᠯᠭᠠᠨ ᠪᠠᠶᠢᠴᠠᠭᠠᠯᠲᠠ ᠬᠢᠵᠡᠶ᠃ ᠡᠭᠦᠨ ᠤ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ᠄ ᠲᠤᠷᠰᠢᠯᠲᠠ ᠳᠤᠮᠳᠠᠬᠢ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠶ ᠲᠤᠭ᠎ᠠ᠂ ᠰᠠᠯᠮᠤᠨᠧᠯ ᠪᠠᠺᠲ᠋ᠧᠷᠢ᠂ ᠯᠠ ᠮᠡᠲᠦ ᠶᠢᠨ ᠰᠫᠣᠷᠲᠤ ᠰᠠᠪᠬᠠᠨᠴᠢᠷ ᠪᠠᠺᠲ᠋ᠧᠷᠢ᠂ ᠥᠭᠡᠬᠦᠨ ᠬᠦᠴᠢᠯ ᠤᠨ ᠡᠰᠲ᠋ᠧᠷ᠂ ᠤᠰᠤ ᠵᠡᠷᠭᠡ 6 ᠥᠯᠢᠭᠡᠷ ᠶᠠᠩᠵᠤ ᠶᠢᠨ ᠪᠠᠶᠢᠴᠠᠭᠠᠨ ᠬᠡᠮᠵᠢᠭᠰᠡᠨ ᠲᠤᠭ᠎ᠠ ᠪᠠᠷᠢᠮᠲᠠ ᠨᠢ ᠴᠥᠮ ᠬᠡᠪ ᠤᠨ ᠬᠡᠪᠴᠢᠶᠡᠨ ᠳᠤ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
ߐ̈́