ᠨᠢᠭᠡ᠂ ᠡᠳᠡᠭᠡᠷ ᠨᠣᠭᠤᠭ᠎ᠠ ᠬᠢᠬᠦ ᠠᠷᠭ᠎ᠠ ᠨᠢ ᠲᠠᠭᠠᠷᠠᠬᠤ ᠦᠭᠡᠢ ᠪᠣᠯ ᠠᠶᠤᠯ ᠠᠪᠴᠢᠷᠠᠵᠤ ᠮᠡᠳᠡᠨ᠎ᠡ | ᠤᠰᠤᠨ ᠳᠤ ᠬᠢᠵᠦ ᠪᠤᠴᠠᠯᠭᠠᠬᠤ ᠪᠣᠯ ᠮᠠᠨ ᠤ ᠦᠷᠭᠦᠯᠵᠢ ᠬᠡᠷᠡᠭᠯᠡᠳᠡᠭ ᠬᠤᠭᠤᠯᠠ ᠬᠢᠬᠦ ᠠᠷᠭ᠎ᠠ ᠶᠢᠨ ᠨᠢᠭᠡ | ᠪᠣᠯᠤᠨ᠎ᠠ᠂ ᠳᠤᠤᠷᠠᠬᠢ 3 ᠲᠥᠷᠥᠯ ᠤᠨ ᠢᠳᠡᠰᠢᠨ ᠨᠣᠭᠤᠭ᠎ᠠ ᠳᠤ ︽ᠬᠤᠤᠷᠲᠤ ᠪᠣᠳᠠᠰ︾ ᠠᠭᠤᠯᠤᠭᠳᠠᠵᠤ | ᠪᠠᠶᠢᠳᠠᠭ᠂ ᠬᠡᠷᠪᠡ ᠤᠰᠤᠨ ᠳᠤ ᠬᠢᠵᠦ ᠪᠤᠴᠠᠯᠭᠠᠬᠤ ᠦᠭᠡᠢ ᠪᠤᠯ ᠠᠶᠤᠯ ᠠᠪᠴᠢᠷᠠᠵᠤ ᠮᠡᠳᠡᠨ᠎ᠡ︕ | 1. ᠪᠤᠷᠴᠠᠭ᠂ ᠤᠯᠠᠭᠠᠨ ᠱᠣᠰᠢ ᠵᠡᠷᠭᠡ ᠪᠤᠷᠴᠠᠭ ᠤᠨ ᠲᠥᠷᠥᠯ ᠤᠨ ᠢᠳᠡᠰᠢᠨ ᠨᠣᠭᠤᠭ᠎ᠠ᠄ ᠡᠳᠡᠭᠡᠷ | ᠪᠤᠷᠴᠠᠭ ᠤᠨ ᠲᠥᠷᠥᠯ ᠤᠨ ᠢᠳᠡᠰᠢᠨ ᠨᠣᠭᠤᠭ᠎ᠠ ᠳᠤ ᠨᠡᠯᠢᠶᠡᠳ ᠠᠷᠪᠢᠨ ᠤᠷᠭᠤᠮᠠᠯ ᠤᠨ ᠡᠭᠡᠳᠡᠭᠦᠯᠬᠦ ᠡᠳ᠋ | ᠠᠭᠤᠯᠤᠭᠳᠠᠵᠤ ᠪᠠᠶᠢᠳᠠᠭ᠂ ᠬᠡᠷᠪᠡ ᠤᠰᠤᠨ ᠳᠤ ᠬᠢᠵᠦ ᠪᠤᠴᠠᠯᠭᠠᠬᠤ ᠦᠭᠡᠶ ᠪᠠᠷ ᠰᠢᠭᠤᠳ ᠢᠳᠡᠵᠦ᠂ ᠬᠡᠲᠦᠷᠬᠡᠶ | ᠠᠷᠪᠢᠨ ᠢᠳᠡᠪᠡᠯ ᠬᠤᠣᠷᠳᠠᠭᠳᠠᠬᠤ᠂ ᠳᠤᠷ᠎ᠠ ᠪᠤᠯᠭᠢᠬᠤ᠂ ᠪᠥᠭᠡᠯᠵᠢᠬᠦ᠂ ᠬᠡᠪᠡᠯᠢ ᠡᠪᠡᠳᠬᠦ᠂ ᠰᠠᠭᠤᠯᠭᠠᠬᠤ ᠵᠡᠷᠭᠡ | ᠡᠪᠡᠳᠴᠢᠨ ᠤ ᠢᠯᠡᠷᠡᠯ ᠭᠠᠷᠴᠤ ᠮᠡᠳᠡᠨ᠎ᠡ᠃ | ᠵᠥᠪ ᠠᠷᠭ᠎ᠠ᠄ | ᠤᠷᠭᠤᠮᠠᠯ ᠤᠨ ᠡᠭᠡᠳᠡᠭᠦᠯᠬᠦ ᠡᠳ᠋ ᠬᠠᠯᠠᠭᠤᠨ ᠢ ᠳᠠᠭᠠᠭᠠᠬᠤ ᠦᠬᠡᠢ᠂ ᠰᠠᠶᠢᠳᠤᠷ ᠬᠠᠯᠠᠭᠤᠯᠪᠠᠯ ᠳᠠᠷᠤᠶ ᠲᠡᠭᠦᠨ ᠤ | ᠪᠦᠲᠦᠴᠡ ᠶᠢ ᠡᠪᠳᠡᠳᠡᠭ᠃ ᠡᠳᠡᠭᠡᠷ ᠪᠤᠷᠴᠠᠭ ᠤᠨ ᠲᠥᠷᠥᠯ ᠤᠨ ᠨᠣᠭᠤᠭ᠎ᠠ ᠶᠢ ᠪᠤᠴᠠᠯᠤᠭᠰᠠᠨ ᠤᠰᠤᠨ ᠳᠤ 8 ᠠᠴᠠ | 10 ᠮᠢᠨᠦ᠋ᠲ ᠪᠤᠴᠠᠯᠭᠠᠪᠠᠯ ᠰᠠᠶ᠋ᠢ ᠠᠮᠤᠷ ᠲᠦᠪᠰᠢᠨ ᠢ ᠪᠠᠲᠤᠯᠠᠵᠤ ᠴᠢᠳᠠᠨ᠎ᠠ᠃ ᠬᠡᠷᠪᠡ ᠲᠦᠢᠯᠪᠤᠷᠢᠲᠠᠶ ᠪᠤᠴᠠᠯᠭᠠᠬᠤ | ᠦᠭᠡᠢ ᠪᠣᠯ᠂ ᠬᠤᠤᠷᠲᠤ ᠡᠳ᠋ ᠨᠢ ᠦᠯᠡᠳᠡᠵᠦ᠂ ᠢᠳᠡᠭᠡᠨ ᠳᠤ ᠬᠤᠤᠷᠳᠠᠭᠳᠠᠬᠤ ᠮᠠᠭᠠᠳ ᠦᠭᠡᠢ᠃ | 2. ᠥᠷᠭᠡᠰᠦᠲᠦ ᠨᠣᠭᠤᠭ᠎ᠠ᠂ ᠨᠡᠷᠡᠨ ᠨᠣᠭᠤᠭ᠎ᠠ ︵马齿苋︶᠂ ᠬᠤᠯᠤᠰᠤᠨ ᠰᠦᠶ᠎ᠡ ᠵᠡᠷᠭᠡ | ᠭᠠᠰᠢᠭᠤᠨ ᠭᠤᠱᠤᠭᠤᠨ ᠠᠮᠲᠠ ᠲᠠᠢ ᠢᠳᠡᠰᠢᠨ ᠨᠣᠭᠤᠭ᠎ᠠ᠄ | ᠡᠨᠡ ᠲᠥᠷᠥᠯ ᠤᠨ ᠨᠣᠭᠤᠭ᠎ᠠ ᠶᠢ ᠢᠳᠡᠬᠦ ᠠᠴᠠ ᠡᠮᠦᠨ᠎ᠡ᠂ ᠬᠠᠮᠤᠭ ᠰᠠᠶᠢᠨ ᠨᠢ ᠣᠰᠣᠨ ᠳᠤ ᠪᠤᠴᠠᠯᠭᠠᠬᠤ | ᠬᠡᠷᠡᠭᠳᠡᠢ᠃ ᠶᠡᠷᠦ ᠶᠢᠨ ᠪᠠᠶᠢᠳᠠᠯ ᠳᠤ ᠥᠷᠭᠡᠰᠦᠲᠦ ᠨᠣᠭᠤᠭ᠎ᠠ᠂ ᠨᠡᠷᠡᠨ ᠨᠣᠭᠤᠭ᠎ᠠ ᠵᠡᠷᠭᠡ ᠨᠠᠪᠴᠢᠳᠦ ᠨᠣᠭᠤᠭ᠎ᠠ ᠶᠢ | ᠵᠥᠪᠬᠡᠨ ᠪᠤᠴᠠᠯᠤᠭᠰᠠᠨ ᠤᠰᠤ ᠪᠠᠷ 1520 ᠰᠧᠺᠦ᠋ᠨ᠋ᠳ᠋ ᠴᠢᠨᠠᠳᠠᠭ᠃ ᠤᠰᠤᠨ ᠴᠠᠭᠠᠨ ᠰᠦᠶ᠎ᠡ᠂ ᠬᠤᠯᠤᠰᠤᠨ | ᠰᠦᠶ᠎ᠡ ᠵᠡᠷᠭᠡ ᠦᠨᠳᠦᠰᠦᠯᠢᠭ ᠡᠰᠢ ᠲᠠᠢ ᠢᠳᠡᠰᠢᠨ ᠨᠣᠭᠤᠭ᠎ᠠ ᠶᠢ ᠪᠤᠴᠠᠯᠤᠭᠰᠠᠨ ᠤᠰᠤ ᠪᠠᠷ 3 ᠠᠴᠠ 5 ᠮᠢᠨᠦ᠋ᠲ | ᠪᠤᠴᠠᠯᠭᠠᠪᠠᠯ ᠪᠤᠯᠤᠨ᠎ᠠ᠃ | 3. ᠦᠨᠦᠷᠳᠦ ᠨᠢᠴᠦᠬᠦᠨ ᠬᠤᠪᠤᠯᠤ ︵香椿︶᠄ | ᠵᠠᠷᠢᠮ ᠦᠨᠦᠷᠲᠦ ᠨᠢᠴᠦᠬᠦᠨ ᠬᠤᠪᠣᠯᠣ ᠶᠢᠨ ᠳᠣᠲᠣᠷ᠎ᠠ ᠳᠤᠲᠠᠭᠤ ᠠᠽᠣᠲ ᠬᠦᠴᠢᠯ ᠤᠨ ᠳᠠᠪᠤᠰᠤ ᠨᠡᠯᠢᠶᠡᠳ | ᠶᠡᠭᠡ ᠠᠭᠤᠯᠤᠬᠳᠠᠵᠤ ᠪᠠᠶᠢᠳᠠᠭ᠂ ᠬᠡᠷᠪᠡ ᠬᠢᠴᠢᠶᠡᠬᠦ ᠦᠭᠡᠢ ᠪᠠᠷ ᠠᠷᠪᠢᠨ ᠢᠳᠡᠪᠡᠯ ᠳᠠᠷᠤᠶ ᠬᠤᠣᠷᠳᠠᠭᠳᠠᠵᠦ ᠮᠡᠳᠡᠨ᠎ᠡ᠃ | | ᠵᠥᠪ ᠠᠷᠭ᠎ᠠ᠄ | ᠦᠨᠦᠷᠲᠦ ᠨᠢᠴᠦᠭᠦᠨ ᠬᠤᠪᠣᠯᠣ ᠶᠢ ᠢᠳᠡᠬᠦ ᠦᠶᠡᠰ᠂ ᠤᠷᠢᠳ ᠢᠶᠠᠷ ᠪᠤᠴᠠᠯᠤᠭᠰᠠᠨ ᠤᠰᠤ ᠪᠠᠷ 30 ᠠᠴᠠ | 60 ᠰᠧᠺᠦ᠋ᠨ᠋ᠳ᠋ ᠪᠣᠴᠠᠯᠭᠠᠪᠠᠯ ᠶᠡᠬᠡᠩᠬᠢ ᠬᠡᠰᠡᠭ ᠳᠤᠲᠠᠭᠤ ᠠᠽᠣᠲ ᠬᠦᠴᠢᠯ ᠤᠨ ᠳᠠᠪᠤᠰᠤ ᠶᠢ ᠠᠷᠢᠯᠭᠠᠵᠤ | ᠲᠡᠶᠢᠯᠦᠨ᠎ᠡ᠃ | ᠤᠰᠤᠨ ᠳᠤ ᠪᠤᠴᠠᠯᠭᠠᠬᠤ ᠳᠠᠭᠠᠨ ᠢᠳᠡᠰᠢᠨ ᠨᠣᠭᠤᠭ᠎ᠠ ᠶᠢᠨ ᠪᠦᠷᠢᠨ ᠪᠦᠲᠦᠨ ᠴᠢᠨᠠᠷ ᠢ ᠪᠠᠲᠤᠯᠠᠬᠤ ᠶᠢᠨ | ᠲᠤᠰᠠᠳᠠ᠂ ᠤᠷᠢᠳ ᠢᠶᠠᠷ ᠤᠰᠤᠨ ᠳᠤ ᠪᠤᠴᠠᠯᠭᠠᠵᠤ᠂ ᠳᠠᠷᠠᠭ᠎ᠠ ᠨᠢ ᠨᠣᠭᠤᠭ᠎ᠠ ᠪᠠᠨ ᠬᠡᠷᠴᠢᠪᠡᠯ ᠬᠠᠮᠤᠭ ᠰᠠᠶᠢᠨ | ᠶᠤᠮ᠃ ᠤᠰᠤᠨ ᠳᠤ ᠪᠤᠴᠠᠯᠭᠠᠭᠰᠠᠨ ᠤ ᠳᠠᠷᠠᠭ᠎ᠠ᠂ ᠢᠳᠡᠰᠢᠨ ᠨᠣᠭᠤᠭ᠎ᠠ ᠪᠠᠨ ᠬᠦᠢᠲᠡᠨ ᠤᠰᠤᠨ ᠳᠤ ᠬᠢᠵᠦ | ᠬᠦᠷᠦᠭᠡᠵᠦ ᠪᠣᠯᠤᠨ᠎ᠠ᠃ ᠢᠳᠡᠰᠢᠨ ᠨᠣᠭᠤᠭ᠎ᠠ ᠶᠢᠨ ᠤᠰᠤ ᠠᠶᠠᠨᠳᠠᠭᠠᠨ ᠰᠢᠪᠬᠠᠷᠠᠪᠠᠯ ᠪᠣᠯᠴᠢᠬᠠᠨ᠎ᠠ᠂ ᠬᠡᠲᠦᠷᠬᠡᠶ | ᠰᠢᠪᠬᠠᠵᠤ ᠪᠣᠯᠬᠤ ᠦᠭᠡᠢ᠂ ᠰᠢᠮ᠎ᠡ ᠲᠡᠵᠢᠭᠡᠯ ᠨᠢ ᠠᠯᠳᠠᠭᠳᠠᠬᠤ ᠠᠴᠠ ᠵᠠᠶᠢᠯᠠᠰᠬᠢᠬᠦ ᠬᠡᠷᠡᠭᠳᠡᠢ᠃ | ᠬᠤᠶᠠᠷ᠂ ᠬᠢᠰᠤᠭ᠎ᠠ ᠶᠢᠨ ᠲᠣᠰᠣ ᠶᠢ ᠵᠦᠶ ᠵᠤᠬᠢᠰᠳᠠᠢ ᠬᠠᠳᠠᠭᠠᠯᠠᠬᠤ ᠦᠭᠡᠢ ᠪᠤᠯ ᠥᠮᠡᠨ ᠡᠭᠦᠰᠭᠡᠬᠦ ᠪᠣᠳᠠᠰ | ᠡᠭᠦᠰᠴᠦ ᠮᠡᠳᠡᠨ᠎ᠡ | ᠬᠢᠰᠤᠭ᠎ᠠ ᠶᠢᠨ ᠲᠣᠰᠣᠨ ᠳᠤ 18 ᠵᠦᠢᠯ ᠠᠴᠠ ᠳᠡᠭᠡᠭᠰᠢ ᠰᠢᠪᠲᠦᠷᠲᠦ ᠬᠦᠴᠢᠯ᠂ ᠣᠯᠠᠨ ᠵᠦᠢᠯ ᠤᠨ | ᠡᠷᠦᠳᠡᠰᠦ᠂ ᠣᠷᠭᠠᠨᠢᠭ ᠬᠦᠴᠢᠯ ᠵᠡᠷᠭᠡ ᠪᠣᠳᠠᠰ ᠠᠭᠤᠯᠤᠬᠳᠠᠵᠤ ᠪᠠᠶᠢᠳᠠᠭ᠃ ᠬᠡᠷᠪᠡ ᠬᠢᠰᠤᠭ᠎ᠠ ᠶᠢᠨ ᠲᠣᠰᠣ ᠶᠢ | ᠨᠡᠭᠡᠭᠡᠭᠰᠡᠨ ᠤ ᠳᠠᠷᠠᠭ᠎ᠠ ᠣᠷᠳᠣ ᠬᠤᠭᠤᠴᠠᠭ᠎ᠠ ᠪᠠᠷ ᠡᠩ ᠤᠨ ᠳᠤᠯᠠᠭᠠᠨ ᠤ ᠳᠤᠤᠷ᠎ᠠ ᠬᠠᠳᠠᠭᠠᠯᠠᠬᠤ ᠪᠤᠶᠤ ᠳᠤᠯᠠᠭᠠᠨ ᠤ | ᠬᠡᠮᠵᠢᠶ᠎ᠡ ᠨᠡᠯᠢᠶᠡᠳ ᠥᠨᠳᠥᠷ ᠲᠣᠭᠤᠭᠠᠨ ᠬᠡᠷ ᠲᠤ ᠲᠠᠯᠪᠢᠪᠠᠯ ᠠᠮᠠᠷᠬᠠᠨ ᠢᠰᠦᠯᠳᠦᠵᠦ᠂ ᠢᠯᠵᠢᠷᠡᠬᠦ᠂ ᠸᠠᠯᠠᠬᠤ | ᠲᠦᠭᠰᠢᠭᠦᠷᠢ ᠶᠢ ᠨᠡᠮᠡᠭᠳᠡᠭᠦᠯᠵᠦ᠂ ᠨᠢᠭᠡᠳᠦᠭᠡᠷ ᠳᠡᠰ ᠤᠨ ᠥᠮᠡᠨ ᠡᠭᠦᠰᠭᠡᠬᠦ ᠪᠣᠳᠠᠰ ᠰᠢᠷ᠎ᠠ ᠬᠥᠷᠥᠩᠭᠡ ᠶᠢᠨ ᠬᠥᠭᠡᠴᠦ | ᠵᠡᠷᠭᠡ ᠬᠤᠤᠷᠲᠤ ᠪᠣᠳᠠᠰ ᠡᠭᠦᠰᠴᠦ ᠮᠡᠳᠡᠨ᠎ᠡ᠃ | ᠵᠥᠪ ᠠᠷᠭ᠎ᠠ᠄ | 1. ᠬᠢᠰᠤᠭ᠎ᠠ ᠶᠢᠨ ᠲᠣᠰᠣ ᠬᠤᠳᠠᠯᠳᠤᠨ ᠠᠪᠬᠤ ᠳᠠᠭᠠᠨ ᠠᠯᠢ ᠴᠢᠳᠠᠬᠤ ᠪᠠᠷ ᠵᠢᠵᠢᠭ ᠯᠤᠩᠬᠤ ᠲᠠᠢ | ᠬᠢᠰᠤᠭ᠎ᠠ ᠶᠢᠨ ᠲᠣᠰᠣ ᠶᠢ ᠰᠤᠩᠭᠤᠵᠤ᠂ ᠬᠠᠳᠠᠭᠠᠯᠠᠬᠤ ᠴᠠᠭ ᠢ ᠨᠢ ᠪᠣᠭᠤᠨᠢᠰᠬᠠᠪᠡᠯ ᠵᠤᠬᠢᠨ᠎ᠠ᠃ | 2. ᠬᠢᠰᠤᠭ᠎ᠠ ᠶᠢᠨ ᠲᠣᠰᠣ ᠶᠢ ᠨᠡᠭᠡᠭᠡᠭᠰᠡᠨ ᠤ ᠳᠠᠷᠠᠭ᠎ᠠ᠂ ᠬᠥᠷᠥᠭᠡᠭᠦᠷ ᠲᠤ ᠬᠠᠳᠠᠭᠠᠯᠠᠵᠤ ︵0 °C ~ | 4 °C︶ ᠶᠢᠨ ᠬᠠᠮᠳᠤ ᠲᠦᠷᠭᠡᠨ ᠢᠳᠡᠬᠦ ᠬᠡᠷᠡᠭᠲᠡᠶ᠃ | ᠭᠤᠷᠪᠠ᠂ ᠬᠤᠭᠤᠯᠠᠨ ᠤ ᠰᠠᠪᠠ ᠬᠡᠷᠡᠭᠰᠡᠯ ᠢ ᠣᠪᠣᠭᠠᠯᠠᠵᠤ ᠲᠠᠯᠪᠢᠪᠠᠯ ᠪᠡᠶ᠎ᠡ ᠮᠠᠬᠠᠪᠣᠳ ᠢ ᠭᠡᠮᠲᠦᠭᠡᠵᠦ ᠮᠡᠳᠡᠨ᠎ᠡ | ᠬᠤᠭᠤᠯᠠᠨ ᠤ ᠰᠠᠪᠠ ᠬᠡᠷᠡᠭᠰᠡᠯ ᠢ ᠠᠷᠢᠭᠤᠳᠬᠠᠬᠤ ᠪᠠᠷ ᠬᠤᠭᠤᠯᠠᠨ ᠤ ᠰᠠᠪᠠ ᠬᠡᠷᠡᠭᠰᠡᠯ ᠤᠨ ᠭᠠᠳᠠᠷᠭᠤ ᠳᠡᠭᠡᠷ᠎ᠡ | ᠪᠠᠺᠲ᠋ᠧᠷᠢ ᠦᠭᠡᠢ ᠮᠢᠬᠠᠨ ᠱᠥᠯᠥ ᠲᠦᠷᠬᠢᠭᠡᠳ ᠬᠤᠭᠤᠯᠠᠨ ᠤ ᠰᠠᠪᠠ ᠬᠡᠷᠡᠭᠰᠡᠯ ᠢᠶᠠᠨ ᠬᠤᠶᠠᠷ ᠪᠦᠯᠦᠭ ᠬᠤᠪᠢᠶᠠᠪᠡ᠂ | ᠲᠡᠭᠦᠨ ᠤ ᠲᠣᠲᠣᠷᠠᠬᠢ ᠨᠢᠭᠡ ᠪᠦᠯᠦᠭ ᠠᠶᠠᠭ᠎ᠠ ᠫᠢᠯᠠ ᠶᠢ ᠤᠬᠢᠶᠠᠭᠰᠠᠨ ᠤ ᠳᠠᠷᠠᠭ᠎ᠠ ᠰᠢᠭᠤᠳ ᠠᠶᠠᠭᠠᠨ | ᠬᠤᠷᠭᠤᠨ ᠳᠤ ᠲᠠᠪᠬᠤᠷᠯᠠᠨ ᠲᠠᠯᠪᠢᠵᠠᠢ᠂ ᠨᠥᠭᠦᠭᠡ ᠨᠢᠭᠡ ᠪᠦᠯᠦᠭ ᠢ ᠨᠢ ᠤᠬᠢᠶᠠᠭᠰᠠᠨ ᠤ ᠳᠠᠷᠠᠭ᠎ᠠ ᠶᠠᠭᠤᠮ᠎ᠠ | ᠲᠠᠯᠪᠢᠬᠤ ᠵᠢᠶᠠᠰᠠᠨ ᠳᠡᠭᠡᠷ᠎ᠡ ᠪᠤᠰᠬᠠᠨ ᠲᠠᠯᠪᠢᠵᠦ᠂ ᠰᠠᠯᠬᠢ ᠨᠡᠪᠲᠡᠷᠡᠬᠦ ᠭᠠᠵᠠᠷ ᠲᠠᠯᠪᠢᠵᠠᠢ᠃ | ᠭᠤᠷᠪᠠᠨ ᠡᠳᠦᠷ ᠤᠨ ᠲᠠᠷᠠᠭ᠎ᠠ ᠬᠠᠷᠢᠴᠠᠭᠤᠯᠤᠨ ᠦᠵᠡᠭᠰᠡᠨ ᠴᠢᠨᠢ ᠪᠤᠰᠬᠠᠵᠦ ᠲᠠᠯᠪᠢᠬᠰᠠᠨ ᠬᠤᠭᠤᠯᠠᠨ ᠤ ᠰᠠᠪᠠ | ᠬᠡᠷᠡᠭᠰᠡᠯ ᠤᠨ ᠪᠠᠺᠲ᠋ᠧᠷᠢ ᠶᠢᠨ ᠪᠥᠭᠡᠮᠨᠡᠷᠡᠯ ᠤᠨ ᠪᠥᠬᠦ ᠲᠤᠭ᠎ᠠ ᠨᠢ 8000 cfu / ᠢᠵᠢ ᠪᠠᠶᠢᠵᠤ᠂ ᠮᠠᠨ ᠤ | ᠤᠯᠤᠰ ᠤᠨ ᠬᠤᠯᠪᠣᠭᠳᠠᠯ ᠪᠥᠬᠦᠶ ᠡᠷᠡᠭᠦᠯ ᠬᠠᠮᠠᠭᠠᠯᠠᠯ ᠤᠨ ᠪᠠᠷᠢᠮᠵᠢᠶ᠎ᠠ ᠳᠤ ᠨᠡᠶᠢᠴᠡᠵᠦ ᠪᠠᠶᠢᠪᠠ᠂ ᠬᠠᠷᠢᠨ | ᠲᠠᠪᠬᠤᠷᠯᠠᠵᠦ ᠲᠠᠯᠪᠢᠭᠰᠠᠨ ᠬᠤᠭᠤᠯᠠᠨ ᠤ ᠰᠠᠪᠠ ᠬᠡᠷᠡᠭᠰᠡᠯ ᠤᠨ ᠪᠠᠺᠲ᠋ᠧᠷᠢ ᠶᠢᠨ ᠲᠤᠭ᠎ᠠ ᠨᠢ 56000 cfu / | ᠢᠵᠢ ᠪᠠᠶᠢᠵᠤ᠂ ᠪᠤᠰᠬᠠᠵᠤ ᠲᠠᠯᠪᠢᠬᠰᠠᠨ ᠬᠤᠭᠤᠯᠠᠨ ᠤ ᠰᠠᠪᠠ ᠶᠢᠨ 70 ᠳᠠᠬᠢᠨ ᠪᠤᠯᠪᠠ᠃ ᠠᠶᠠᠭ᠎ᠠ ᠫᠢᠯᠠ ᠶᠢ | ᠵᠣᠬᠢᠰ ᠥᠬᠡᠶ ᠬᠠᠳᠠᠭᠠᠯᠠᠪᠠᠯ ᠵᠠᠷᠢᠮ ᠪᠠᠺᠲ᠋ᠧᠷᠢ᠂ ᠸᠢᠷᠦ᠋ᠰ ᠡᠭᠦᠰᠬᠦ ᠪᠦᠭᠡᠳ ᠮᠠᠨ ᠤ ᠪᠡᠶ᠎ᠡ ᠶᠢ ᠨᠡᠯᠢᠶᠡᠳ ᠶᠡᠭᠡ | ᠨᠦᠯᠦᠭᠡᠯᠡᠵᠦ ᠮᠡᠳᠡᠨ᠎ᠡ᠃ | ᠵᠥᠪ ᠠᠷᠭ᠎ᠠ᠄ | ᠬᠡᠷᠪᠡ ᠬᠤᠭᠤᠯᠠᠨ ᠤ ᠰᠠᠪᠠ ᠬᠡᠷᠡᠭᠰᠡᠯ ᠢ ᠲᠠᠪᠬᠤᠷᠯᠠᠵᠦ ᠲᠠᠯᠪᠢᠪᠠᠯ᠂ ᠮᠠᠰᠢ ᠠᠷᠪᠢᠨ ᠤᠰᠤ ᠬᠤᠷᠠᠵᠤ᠂ ᠭᠡᠷ | ᠳᠣᠲᠣᠷᠠᠬᠢ ᠲᠤᠯᠠᠭᠠᠨ ᠤ ᠬᠡᠮᠵᠢᠶ᠎ᠡ ᠨᠢ ᠲᠣᠬᠢᠷᠠᠮᠵᠢᠲᠠᠶ ᠪᠣᠯ ᠪᠠᠺᠲ᠋ᠧᠷᠢ ᠳᠠᠷᠤᠶ ᠭᠠᠯᠵᠠᠭᠤᠷᠠᠬᠰᠠᠨ ᠮᠡᠳᠦ ᠦᠷᠡᠵᠢᠨ᠎ᠡ᠂ | ᠬᠠᠷᠢᠨ ᠬᠤᠭᠤᠯᠠᠨ ᠤ ᠰᠠᠪᠠ ᠬᠡᠷᠡᠭᠰᠡᠯ ᠢ ᠪᠤᠰᠬᠠᠨ ᠲᠠᠯᠪᠢᠪᠠᠯ᠂ ᠤᠰᠤ ᠨᠢ ᠠᠮᠠᠷᠬᠠᠨ ᠰᠢᠪᠬᠠᠷᠤᠨᠠ᠂ ᠵᠢᠭᠠᠬᠠᠨ | ᠢᠳᠡᠭᠡᠨ ᠤ ᠰᠢᠭᠠᠷᠤ ᠪᠠᠶᠢᠯ᠎ᠠ ᠴᠤ ᠭᠡᠰᠡᠨ ᠠᠮᠠᠷᠬᠠᠨ ᠪᠠᠺᠲ᠋ᠧᠷᠢ ᠡᠭᠦᠰᠬᠦ ᠦᠭᠡᠢ ᠶᠤᠮ᠃ | ᠳᠥᠷᠪᠡ᠂ ᠬᠥᠯᠳᠡᠭᠦᠦ ᠮᠢᠬ᠎ᠠ ᠶᠢ ᠭᠡᠰᠭᠡᠬᠦ ᠨᠢ ᠰᠢᠮ᠎ᠡ ᠲᠡᠵᠢᠭᠡᠯ ᠢ ᠠᠯᠳᠠᠭᠳᠠᠭᠤᠯᠬᠤ ᠥᠬᠡᠶ | ᠮᠢᠬᠠᠨ ᠤ ᠲᠥᠷᠥᠯ ᠳᠤ ᠠᠪᠴᠤ ᠬᠡᠯᠡᠪᠡᠯ᠂ ᠬᠡᠷᠪᠡ ᠨᠡᠯᠢᠶᠡᠳ ᠣᠷᠳᠣ ᠬᠤᠭᠤᠴᠠᠭ᠎ᠠ ᠪᠠᠷ ᠬᠥᠯᠳᠡᠭᠡᠬᠦ ᠪᠤᠶᠤ | ᠡᠰᠡᠬᠦᠯ᠎ᠡ ᠭᠡᠰᠬᠡᠬᠦ ᠦᠶ᠎ᠡ ᠳᠤ ᠨᠡᠯᠢᠶᠡᠳ ᠶᠡᠭᠡ ᠬᠠᠯᠠᠭᠤᠨ ᠢᠶᠠᠷ ᠭᠡᠰᠭᠡᠬᠦ᠂ ᠵᠢᠱᠢᠶᠡᠯᠡᠪᠡᠯ ᠬᠠᠯᠠᠭᠤᠨ ᠤᠰᠤ ᠪᠠᠷ | ᠮᠢᠬ᠎ᠠ ᠶᠢ ᠭᠡᠰᠬᠡᠬᠦ ᠳᠤ ᠬᠦᠷᠪᠡᠯ ᠠᠮᠠᠷᠬᠠᠨ ᠮᠢᠬᠠᠨ ᠤ ᠲᠥᠷᠥᠯ ᠤᠨ ᠰᠢᠮ᠎ᠡ ᠲᠡᠵᠢᠭᠡᠯ ᠢ ᠠᠯᠳᠠᠭᠳᠠᠭᠤᠯᠵᠤ᠂ | ᠠᠮᠲᠠ ᠨᠢ ᠮᠠᠭᠤᠳᠠᠭᠤᠯᠬᠤ ᠪᠦᠭᠡᠳ ᠪᠠᠰᠠ ᠮᠢᠺᠷᠣᠪ ᠡᠭᠦᠰᠭᠡᠳᠡᠭ᠃ | ᠵᠥᠪ ᠠᠷᠭ᠎ᠠ᠄ | ᠮᠢᠬᠠᠨ ᠤ ᠲᠥᠷᠥᠯ ᠳᠤ ᠠᠪᠴᠤ ᠬᠡᠯᠡᠪᠡᠯ᠂ ᠬᠡᠳᠦᠶ ᠢᠳᠡᠪᠡᠯ ᠲᠡᠳᠦᠶ ᠪᠠᠨ ᠠᠪᠬᠤ ᠨᠢ ᠬᠠᠮᠤᠭ ᠰᠠᠶᠢᠨ ᠠᠷᠭ᠎ᠠ | ᠪᠤᠯᠬᠤ ᠶᠤᠮ᠃ ᠬᠡᠷᠪᠡ ᠬᠤᠳᠠᠯᠳᠤᠨ ᠠᠪᠤᠭᠰᠠᠨ ᠮᠢᠬ᠎ᠠ ᠶᠢ ᠨᠢᠭᠡ ᠯᠡ ᠤᠳᠠᠭ᠎ᠠ ᠳᠤ ᠢᠳᠡᠵᠦ ᠪᠠᠷᠠᠬᠤ ᠦᠭᠡᠢ ᠪᠣᠯ | ᠤᠷᠢᠳ ᠢᠶᠠᠷ ᠵᠢᠵᠢᠭ ᠬᠡᠰᠡᠭ ᠪᠣᠯᠭᠠᠨ ᠬᠤᠪᠢᠶᠠᠭᠠᠳ᠂ ᠰᠣᠷᠭᠤᠭ ᠪᠠᠶᠢᠯᠭᠠᠬᠤ ᠨᠢᠮᠭᠡᠨ ᠰᠦᠯᠢᠶᠦᠦ ᠪᠤᠶᠤ ᠰᠣᠷᠭᠤᠭ | ᠪᠠᠶᠢᠯᠭᠠᠬᠤ ᠰᠦᠯᠢᠶᠦᠦ ᠤᠭᠤᠲᠠ ᠳᠤ ᠬᠢᠵᠦ ᠰᠠᠶᠢᠳᠤᠷ ᠪᠢᠲᠡᠭᠦᠮᠵᠢᠯᠡᠬᠦ ᠬᠡᠷᠡᠭᠳᠡᠢ᠂ ᠲᠠᠬᠢᠨ ᠢᠳᠡᠬᠦ ᠳᠡᠭᠡᠨ ᠭᠡᠰᠬᠡᠬᠦ | ᠦᠶᠡᠰ ᠬᠡᠳᠦᠶ ᠢᠳᠡᠪᠡᠯ ᠲᠡᠳᠦᠶ ᠪᠠᠨ ᠭᠡᠰᠬᠡᠬᠦᠬᠡᠷᠡᠭᠲᠡᠶ᠂ ᠪᠢᠳᠡᠭᠡᠢ ᠪᠠᠶᠢᠨ ᠳᠠᠬᠢᠨ ᠭᠡᠰᠬᠡᠵᠦ ᠪᠠᠶᠢᠨ ᠳᠠᠬᠢᠨ | ᠬᠦᠯᠳᠡᠭᠡᠬᠡᠷᠡᠶ᠃ ᠤᠨᠴᠠᠭᠠᠢ ᠶᠠᠭᠠᠷᠠᠦ ᠪᠢᠰᠢ ᠪᠤᠯ᠂ ᠬᠥᠯᠳᠡᠭᠡᠭᠰᠡᠨ ᠮᠢᠬ᠎ᠠ ᠶᠢ ᠬᠥᠯᠳᠡᠭᠡᠬᠦ ᠠᠪᠳᠠᠷ᠎ᠠ ᠶᠢᠨ ᠬᠥᠯᠳᠡᠭᠡᠬᠦ | ᠥᠷᠥᠭᠡᠨ ᠳᠤ ᠲᠠᠯᠪᠢᠵᠤ ᠰᠥᠨᠢ ᠥᠨᠵᠢᠭᠡᠵᠦ ᠭᠡᠰᠭᠡᠪᠡᠯ ᠬᠠᠮᠤᠭ ᠰᠠᠶᠢᠨ ᠶᠤᠮ᠃ ᠬᠡᠷᠪᠡ ᠢᠳᠡᠬᠦ ᠭᠡᠵᠦ ᠨᠡᠯᠢᠶᠡᠳ | ᠶᠠᠭᠠᠷᠠᠪᠠᠯ᠂ ᠡᠩ ᠤᠨ ᠬᠠᠯᠠᠭᠤᠨ ᠤᠰᠤ ᠳᠤ ᠬᠢᠵᠦ ᠲᠠᠯᠪᠢᠨ ᠬᠡᠰᠭᠡᠵᠦ ᠪᠣᠯᠤᠨ᠎ᠠ᠃ |