ᠵᠠᠷᠢᠮ ᠡᠪᠡᠳᠴᠢᠨ ᠨᠢ ᠢᠯᠡᠷᠬᠡᠶ ᠢᠯᠡᠷᠡᠯ ᠰᠢᠨᠵᠢ ᠦᠭᠡᠢ ᠮᠦᠷᠳᠡᠭᠡᠨ ᠪᠠᠰᠠ ᠠᠮᠢᠳᠤᠷᠠᠯ ᠳᠤ ᠨᠥᠯᠥᠭᠡ | ᠪᠤᠯᠳᠠᠭ ᠦᠭᠡᠢ ᠪᠠᠶᠢᠳᠠᠭ ᠠᠴᠠ ᠬᠥᠮᠦᠰ ᠶᠡᠷᠦ ᠨᠢ ᠣᠮᠲᠣᠭᠠᠶᠢᠯᠠᠳᠠᠭ ᠪᠠᠶᠢᠨ᠎ᠠ ᠁ ᠵᠠᠷᠢᠮ ᠡᠪᠡᠳᠴᠢᠨ ᠨᠢ | ᠢᠯᠡᠷᠬᠡᠶ ᠢᠯᠡᠷᠡᠯ ᠰᠢᠨᠵᠢ ᠦᠭᠡᠢ ᠦᠶᠡᠰ ᠨᠠᠩ ᠠᠶᠤᠯᠲᠠᠶ ᠪᠠᠶᠢᠳᠠᠭ ᠰᠢᠦ︕ | ᠡᠪᠡᠳᠴᠢᠨ ᠤ ᠢᠯᠡᠷᠡᠯ ᠰᠢᠨᠵᠢ ᠦᠭᠡᠢ ᠪᠠᠷ ᠴᠢᠰᠤᠨ ᠳᠠᠷᠤᠯᠲᠠ ᠥᠨᠳᠥᠷᠵᠢᠬᠦ ᠡᠪᠡᠳᠴᠢᠨ | ᠴᠢᠰᠤᠨ ᠳᠠᠷᠤᠯᠲᠠ ᠥᠨᠳᠥᠷᠵᠢᠬᠦ ᠶᠢ ᠤᠷᠲᠤ ᠬᠤᠭᠤᠴᠠᠭ᠎ᠠ ᠪᠠᠷ ᠬᠢᠵᠠᠭᠠᠷᠯᠠᠵᠤ ᠳᠡᠶᠢᠯᠬᠦ ᠦᠭᠡᠢ ᠪᠣᠯ ᠪᠦᠬᠦ | ᠪᠡᠶ᠎ᠡ ᠶᠢᠨ ᠣᠯᠠᠨ ᠡᠷᠬᠡᠲᠡᠨ ᠤ ᠰᠢᠰᠲ᠋ᠧᠮ ᠳᠤ ᠠᠯᠤᠰ ᠬᠡᠳᠦ ᠶᠢᠨ ᠨᠥᠯᠥᠭᠡ ᠦᠵᠡᠭᠦᠯᠳᠡᠭ᠂ ᠬᠡᠳᠦ᠋ᠢᠪᠡᠷ ᠢᠯᠡᠷᠬᠡᠶ | ᠡᠪ ᠦᠭᠡᠢ ᠪᠠᠶᠢᠳᠠᠯ ᠮᠡᠳᠡᠭᠳᠡᠳᠡᠭ ᠦᠭᠡᠢ ᠪᠣᠯᠪᠠᠴᠤ᠂ ᠴᠢᠰᠤᠨ ᠰᠤᠳᠠᠯ᠂ ᠵᠢᠷᠦᠬᠡ᠂ ᠪᠥᠭᠡᠷ᠎ᠡ᠂ ᠨᠢᠳᠦ᠂ ᠶᠡᠭᠡ | ᠲᠠᠷᠢᠬᠢ ᠵᠡᠷᠭᠡ ᠡᠷᠬᠡᠲᠡᠨ ᠠᠭᠠᠵᠢᠮ ᠢᠶᠠᠷ ᠥᠨᠳᠥᠷ ᠳᠠᠷᠤᠯᠲᠠ ᠠᠴᠠ ᠪᠣᠯᠤᠭᠰᠠᠨ ᠭᠡᠮᠲᠦᠯ ᠳᠤ ᠤᠴᠠᠷᠠᠵᠦ᠂ | ᠡᠴᠦᠰ ᠲᠡᠭᠡᠨ ᠬᠦᠨᠳᠦ ᠨᠣᠴᠢᠲᠠᠶ ᠳᠠᠪᠬᠤᠴᠠᠭᠰᠠᠨ ᠡᠪᠡᠳᠴᠢᠨ ᠢ ᠡᠭᠦᠰᠭᠡᠵᠦ ᠮᠡᠳᠡᠨ᠎ᠡ᠃ | ᠡᠪᠡᠳᠴᠢᠨ ᠤ ᠢᠯᠡᠷᠡᠯ ᠰᠢᠨᠵᠢ ᠦᠭᠡᠢ ᠴᠢᠰᠤᠨ ᠤ ᠥᠭᠡᠬᠦ ᠥᠨᠳᠥᠷᠵᠢᠬᠦ ᠡᠪᠡᠳᠴᠢᠨ | ᠴᠢᠰᠤᠨ ᠥᠭᠡᠬᠦ ᠦᠨᠳᠦᠷᠵᠢᠬᠦ ᠶᠢ ᠤᠷᠲᠤ ᠬᠤᠭᠤᠴᠠᠭ᠎ᠠ ᠪᠠᠷ ᠬᠢᠵᠠᠭᠠᠷᠯᠠᠬᠤ ᠦᠭᠡᠢ ᠪᠣᠯ ᠯᠤᠭᠰᠢᠭᠤᠨ | ᠰᠤᠳᠠᠯ ᠤᠨ ᠬᠠᠲᠠᠭᠤᠷᠠᠯ᠂ ᠵᠢᠷᠦᠬᠡᠨ ᠡᠪᠡᠳᠴᠢᠨ᠂ ᠰᠠ ᠡᠪᠡᠳᠴᠢᠨ ᠵᠡᠷᠭᠡ ᠬᠦᠨᠳᠦ ᠡᠪᠡᠳᠴᠢᠨ ᠢ ᠡᠭᠦᠰᠭᠡᠵᠦ | ᠮᠡᠳᠡᠨ᠎ᠡ᠃ ᠯᠤᠭᠰᠢᠭᠤᠨ ᠰᠤᠳᠠᠯ ᠤᠨ ᠥᠭᠡᠬᠦᠵᠢᠨ ᠬᠠᠲᠠᠭᠤᠷᠠᠬᠤ ᠨᠢ ︽ᠰᠥᠰᠥᠨ ᠤ ᠭᠤᠨᠠᠨ ᠠᠯᠺᠣᠣᠯ︾ ︵ | LDL - C︶ ᠯᠤᠭᠰᠢᠭᠤᠨ ᠰᠤᠳᠠᠯ ᠤᠨ ᠬᠠᠨ᠎ᠠ ᠳᠡᠭᠡᠷ᠎ᠡ ᠨᠠᠭᠠᠯᠳᠤᠨ ᠲᠣᠯᠪᠤ ᠪᠤᠯᠤᠨ ᠲᠤᠬᠳᠠᠵᠦ ᠴᠢᠰᠤᠨ | ᠰᠤᠳᠠᠯ ᠢ ᠨᠠᠷᠢᠰᠬᠠᠬᠤ ᠪᠠ ᠬᠠᠲᠠᠭᠤᠷᠠᠭᠤᠯᠵᠤ᠂ ᠬᠦᠨᠳᠦ ᠦᠶ᠎ᠡ ᠳᠤ ᠴᠢᠰᠤᠨ ᠰᠤᠳᠠᠯ ᠪᠦᠷᠢᠮᠦᠰᠦᠨ ᠪᠥᠭᠯᠡᠷᠡᠵᠦ᠂ | ᠵᠢᠷᠦᠬᠡᠨ ᠪᠤᠯᠴᠢᠩ ᠪᠢᠲᠡᠭᠦᠷᠡᠨ ᠦᠬᠦᠵᠢᠬᠦ ᠪᠤᠶᠤ ᠲᠠᠷᠢᠬᠢᠨ ᠰᠠ ᠪᠣᠯᠳᠠᠭ᠃ | ᠡᠪᠡᠳᠴᠢᠨ ᠤ ᠢᠯᠡᠷᠡᠯ ᠰᠢᠨᠵᠢ ᠦᠭᠡᠢ ᠥᠨᠳᠥᠷ ᠰᠢᠭᠡᠰᠦᠨ ᠬᠦᠴᠢᠯ | ᠰᠢᠭᠡᠰᠦᠨ ᠬᠦᠴᠢᠯ ᠤᠨ ᠳᠠᠪᠤᠰᠤᠨ ᠤ ᠲᠠᠯᠠᠰᠲᠤ ᠨᠢ ᠪᠥᠭᠡᠷᠡᠨ ᠳᠤ ᠰᠡᠮᠡᠭᠡᠷ ᠲᠤᠨᠤᠵᠤ᠂ ᠲᠤᠯᠠᠢ ᠡᠪᠡᠳᠴᠢᠨ ᠤ | ᠴᠢᠨᠠᠷᠲᠠᠢ ᠪᠥᠭᠡᠷᠡᠨ ᠡᠪᠡᠳᠴᠢᠨ᠂ ᠪᠥᠭᠡᠷᠡᠨ ᠤ ᠴᠢᠯᠠᠭᠤᠵᠢᠯ ᠢ ᠡᠭᠦᠰᠭᠡᠵᠦ᠂ ᠴᠢᠨᠠᠭᠰᠢᠯᠠᠪᠠᠯ ᠪᠥᠭᠡᠷᠡᠨ ᠤ | ᠠᠵᠢᠯᠯᠠᠭ᠎ᠠ ᠶᠢ ᠮᠠᠭᠤᠳᠠᠭᠤᠯᠳᠠᠭ᠃ ᠡᠪᠡᠳᠴᠢᠨ ᠤ ᠢᠯᠡᠷᠡᠯ ᠰᠢᠨᠵᠢ ᠪᠠᠶᠢᠬᠰᠠᠨ ᠪᠠ ᠪᠠᠶᠢᠬᠰᠠᠨ ᠦᠭᠡᠢ ᠴᠤ | ᠴᠢᠰᠦᠨ ᠤ ᠰᠢᠭᠡᠰᠦᠨ ᠬᠦᠴᠢᠯ ᠲᠣᠭᠲᠠᠭᠰᠠᠨ ᠬᠡᠮᠵᠢᠶ᠎ᠡ ᠠᠴᠠ ᠬᠡᠲᠦᠷᠡᠪᠡᠯ ᠳᠠᠷᠤᠢ ᠬᠥᠮᠦᠨ ᠤ ᠪᠡᠶ᠎ᠡ ᠳᠤ ᠬᠤᠣᠷ | ᠬᠥᠨᠥᠭᠡᠯ ᠤᠴᠠᠷᠠᠭᠤᠯᠳᠠᠭ ᠪᠠᠶᠢᠨ᠎ᠠ᠃ ᠡᠪᠡᠳᠴᠢᠨ ᠤ ᠢᠯᠡᠷᠡᠯ ᠰᠢᠨᠵᠢ ᠦᠭᠡᠢ ᠵᠢᠷᠦᠬᠡᠨ ᠡᠪᠡᠳᠴᠢᠨ ᠡᠪᠡᠳᠴᠢᠨ ᠤ | ᠢᠯᠡᠷᠡᠯ ᠰᠢᠨᠵᠢ ᠦᠭᠡᠢ ᠵᠢᠷᠦᠬᠡᠨ ᠡᠪᠡᠳᠴᠢᠨ ᠨᠢ ᠪᠠᠰᠠ ᠡᠪᠡᠳᠴᠢᠲᠡᠨ ᠤ ᠲᠠᠷᠢᠬᠢ ᠪᠥᠭᠯᠡᠷᠡᠨ ᠦᠬᠦᠵᠢᠬᠦ᠂ ᠪᠥᠭᠡᠷ᠎ᠡ | ᠮᠠᠭᠤᠳᠠᠬᠤ ᠵᠡᠷᠭᠡ ᠳᠠᠪᠬᠤᠴᠠᠭᠰᠠᠨ ᠡᠪᠡᠳᠴᠢᠨ ᠤ ᠲᠦᠭᠰᠢᠭᠦᠷᠢ ᠶᠢ ᠨᠡᠮᠡᠭᠳᠡᠭᠦᠯᠳᠡᠭ᠃ ᠢᠯᠡᠷᠡᠯ ᠰᠢᠨᠵᠢ ᠦᠭᠡᠢ | ᠵᠢᠷᠦᠬᠡᠨ ᠡᠪᠡᠳᠴᠢᠨ ᠤ ᠬᠠᠮᠤᠭ ᠣᠯᠠᠨ ᠲᠣᠬᠢᠶᠠᠯᠳᠤᠳᠠᠭ ᠰᠢᠨᠵᠢ ᠲᠡᠮᠳᠡᠭ ᠪᠤᠯ ᠬᠡᠪᠡᠯᠢ ᠶᠢᠨ ᠳᠡᠭᠡᠳᠦ ᠬᠡᠰᠡᠭ ᠢᠶᠠᠷ | ᠡᠪ ᠦᠭᠡᠢ ᠪᠣᠯᠬᠤ ︵ᠴᠢᠨᠠᠭᠰᠢᠯᠠᠪᠠᠯ ᠬᠤᠳᠣᠭᠤᠳᠣ ᠡᠪᠡᠳᠬᠦ ᠢᠯᠡᠷᠡᠯ ᠰᠢᠨᠵᠢ︶᠂ ᠳᠤᠷ᠎ᠠ ᠪᠤᠯᠭᠢᠬᠤ᠂ ᠪᠥᠭᠡᠯᠵᠢᠬᠦ᠂ | ᠭᠡᠳᠡᠰᠦ ᠬᠥᠭᠡᠭᠡᠬᠦ ᠢᠯᠡᠷᠡᠯ ᠪᠠᠶᠢᠳᠠᠯ ᠳᠠᠭᠠᠯᠳᠤᠵᠤ᠂ ᠥᠳᠬᠡᠨ ᠮᠥᠷ ᠢᠶᠠᠨ ᠭᠠᠳᠠᠬᠰᠢᠭᠤᠯᠬᠤ ᠲᠥᠷᠥᠭᠳᠡᠯ ᠲᠠᠢ | ᠪᠤᠯᠳᠠᠭ︔ ᠪᠠᠰᠠ ᠬᠦᠵᠦᠭᠦᠨ ᠬᠡᠰᠡᠭ ᠪᠠ ᠮᠥᠷᠥ ᠡᠪᠡᠳᠬᠦ᠂ ᠳᠣᠣᠷᠠᠳᠤ ᠡᠷᠡᠦ ᠡᠪᠡᠳᠬᠦ᠂ ᠰᠢᠳᠦ ᠡᠪᠡᠳᠬᠦ᠂ | ᠵᠠᠯᠭᠢᠭᠤᠷ ᠡᠪᠡᠳᠬᠦ᠂ ᠡᠰᠡᠬᠦᠯ᠎ᠡ ᠵᠠᠯᠭᠢᠭᠤᠷ ᠤᠨ ᠬᠡᠰᠡᠭ ᠪᠥᠭᠯᠡᠷᠡᠬᠦ ᠵᠡᠷᠭᠡ ᠢᠯᠡᠷᠡᠯ ᠰᠢᠨᠵᠢ ᠭᠠᠷᠳᠠᠭ᠃ | ᠡᠪᠡᠳᠴᠢᠨ ᠤ ᠢᠯᠡᠷᠡᠯ ᠰᠢᠨᠵᠢ ᠦᠭᠡᠢ ᠡᠯᠢᠭᠡ ᠥᠭᠡᠬᠦᠯᠡᠬᠦ ᠡᠪᠡᠳᠴᠢᠨ | ᠡᠮᠴᠢᠯᠡᠭᠡᠨ ᠳᠡᠭᠡᠷ᠎ᠡ ᠮᠠᠰᠢ ᠣᠯᠠᠨ ᠡᠯᠢᠭᠡ ᠥᠭᠡᠬᠦᠯᠡᠬᠦ ᠡᠪᠡᠳᠴᠢᠲᠡᠨ ᠤ ᠡᠪᠡᠳᠴᠢᠨ ᠨᠢ ᠡᠬᠢᠨ ᠤ | ᠬᠤᠭᠤᠴᠠᠭ᠎ᠠ ᠪᠤᠶᠤ ᠳᠤᠮᠳᠠ ᠬᠤᠭᠤᠴᠠᠭᠠᠨ ᠳᠤ ᠶᠠᠮᠠᠷ ᠴᠤ ᠢᠯᠡᠷᠡᠯ ᠰᠢᠨᠵᠢ ᠭᠠᠷᠬᠤ ᠦᠭᠡᠢ ᠪᠠᠶᠢᠵᠤ᠂ | ᠴᠢᠨᠠᠭᠰᠢᠯᠠᠪᠠᠯ ᠴᠥᠭᠡᠨ ᠲᠣᠭᠠᠨ ᠤ ᠡᠯᠢᠭᠡ ᠥᠭᠡᠬᠦᠯᠡᠬᠦ ᠡᠪᠡᠳᠴᠢᠲᠡᠨ ᠨᠢ ᠥᠭᠡᠬᠦᠯᠡᠬᠦ ᠴᠢᠨᠠᠷᠲᠠᠢ ᠡᠯᠢᠭᠡᠨ | ᠦᠷᠪᠢᠰᠦᠯ ᠪᠤᠯᠵᠤ ᠬᠦᠭᠵᠢᠭᠰᠡᠨ᠂ ᠲᠡᠷᠡᠴᠢᠯᠡᠨ ᠡᠬᠢᠨ ᠤ ᠬᠤᠭᠤᠴᠠᠭᠠᠨ ᠤ ᠡᠯᠢᠭᠡᠨ ᠬᠠᠲᠠᠭᠤᠷᠠᠯ ᠲᠠᠢ ᠪᠤᠯᠤᠬᠰᠠᠨ | ᠴᠤ ᠮᠥᠨ ᠯᠡ ᠡᠮᠴᠢᠯᠡᠭᠡᠨ ᠤ ᠢᠯᠡᠷᠡᠯ ᠰᠢᠨᠵᠢ ᠦᠭᠡᠢ ᠪᠠᠶᠢᠳᠠᠭ᠂ ᠡᠨᠡ ᠨᠢ ᠡᠯᠢᠭᠡ ᠡᠪᠡᠳᠬᠦ ᠰᠡᠷᠡᠯ ᠳᠤᠲᠠᠮᠠᠭ ᠠᠴᠠ | ᠪᠣᠯᠤᠭᠰᠠᠨ ᠶᠤᠮ᠂ ᠭᠡᠪᠡᠴᠦ ᠦᠨᠡᠨ ᠳᠡᠭᠡᠨ ᠡᠯᠢᠭᠡ ᠨᠢᠭᠡᠨᠲᠡ ᠭᠡᠮᠲᠦᠭᠰᠡᠨ ᠪᠠᠶᠢᠨ᠎ᠠ᠃ | ᠡᠪᠡᠳᠴᠢᠨ ᠤ ᠢᠯᠡᠷᠡᠯ ᠰᠢᠨᠵᠢ ᠦᠭᠡᠢ ᠴᠢᠰᠤᠨ ᠰᠢᠬᠢᠷ ᠳᠣᠣᠷ᠎ᠠ ᠡᠪᠡᠳᠴᠢᠨ | ︽ᠡᠪᠡᠳᠴᠢᠨ ᠤ ᠢᠯᠡᠷᠡᠯ ᠰᠢᠨᠵᠢ ᠦᠭᠡᠢ ᠴᠢᠰᠤᠨ ᠰᠢᠬᠢᠷ ᠳᠣᠣᠷ᠎ᠠ ᠡᠪᠡᠳᠴᠢᠨ︾ ᠨᠢ ᠡᠪᠡᠳᠴᠢᠲᠡᠨ ᠤ ᠪᠡᠶ᠎ᠡ | ᠮᠠᠬᠠᠪᠣᠳ ᠲᠤ ᠨᠡᠩ ᠶᠡᠭᠡ ᠬᠤᠣᠷ ᠬᠥᠨᠥᠭᠡᠯ ᠤᠴᠠᠷᠠᠭᠤᠯᠳᠠᠭ᠂ ᠴᠢᠰᠤᠨ ᠰᠢᠬᠢᠷ ᠤᠷᠲᠤ ᠬᠤᠭᠤᠴᠠᠭ᠎ᠠ ᠪᠠᠷ ᠳᠣᠣᠷ᠎ᠠ | ᠪᠠᠶᠢᠬᠤ ᠠᠴᠠ ᠬᠦᠮᠦᠰ ᠲᠤ ᠬᠦᠨᠳᠦ ᠨᠣᠴᠢᠲᠠᠢ ᠲᠠᠷᠢᠬᠢᠨ ᠤ ᠭᠡᠮᠲᠦᠯ ᠢ ᠪᠣᠢ ᠪᠣᠯᠭᠠᠳᠠᠭ᠂ ᠡᠪᠡᠳᠴᠢᠨ ᠬᠦᠨᠳᠦᠷᠡᠬᠦ | ᠦᠶ᠎ᠡ ᠳᠤ ᠤᠷᠭᠤᠮᠠᠯ ᠬᠥᠮᠦᠨ ᠪᠤᠯᠭᠠᠵᠤ᠂ ᠠᠮᠢ ᠨᠠᠰᠦ ᠶᠢ ᠨᠢ ᠠᠯᠳᠠᠭᠤᠯᠳᠠᠭ᠂ ᠡᠨᠡ ᠡᠪᠡᠳᠴᠢᠨ ᠢ ᠰᠢᠬᠢᠷ ᠰᠢᠵᠢᠩ | ᠡᠪᠡᠳᠴᠢᠲᠡᠨ ᠤ ︽ᠳᠠᠯᠳᠠ ᠶᠠᠷᠭᠠᠴᠢᠨ︾ ᠭᠡᠳᠡᠭ᠃ | ᠡᠪᠡᠳᠴᠢᠨ ᠤ ᠢᠯᠡᠷᠡᠯ ᠰᠢᠨᠵᠢ ᠦᠭᠡᠢ ᠰᠥᠰᠥᠨ ᠤᠭᠤᠲᠠᠨ ᠤ ᠴᠢᠯᠠᠭᠤᠰᠢᠷᠠᠯ ᠡᠪᠡᠳᠴᠢᠨ | ᠡᠪᠡᠳᠴᠢᠨ ᠤ ᠢᠯᠡᠷᠡᠯ ᠰᠢᠨᠵᠢ ᠦᠭᠡᠢ ᠰᠥᠰᠥᠨ ᠤᠭᠤᠲᠠᠨ ᠤ ᠴᠢᠯᠠᠭᠤᠰᠢᠷᠠᠯ ᠨᠢ ᠶᠠᠭ ᠬᠥᠮᠦᠨ ᠤ ᠪᠡᠶ᠎ᠡ ᠳᠤ | ᠨᠢᠭᠤᠭᠳᠠᠵᠤ ᠪᠠᠶᠢᠭ᠎ᠠ ︽ᠴᠠᠭ ᠲᠠᠢ ᠳᠡᠯᠪᠡᠷᠡᠬᠦ ᠪᠥᠮᠪᠦᠭᠡ︾ ᠰᠢᠭ ᠪᠠᠶᠢᠳᠠᠭ᠃ ᠲᠡᠷᠡ ᠨᠢ ᠬᠤᠣᠷ ᠬᠥᠨᠥᠭᠡᠯ ᠢᠶᠠᠷ | ᠬᠠᠮᠤᠭ ᠶᠡᠭᠡ ᠪᠠᠶᠢᠳᠠᠭ᠂ ᠤᠴᠢᠷ ᠨᠢ ᠡᠪᠡᠳᠬᠦ᠂ ᠳᠤᠷ᠎ᠠ ᠪᠤᠯᠭᠢᠬᠤ᠂ ᠪᠥᠭᠡᠯᠵᠢᠬᠦ ᠵᠡᠷᠭᠡ ᠰᠢᠨᠵᠢ ᠲᠡᠮᠳᠡᠭ ᠦᠭᠡᠢ | ᠰᠥᠰᠥᠨ ᠤᠭᠤᠲᠠ ᠶᠢᠨ ᠴᠢᠯᠠᠭᠤᠰᠢᠷᠠᠯ ᠨᠢ ᠠᠯᠭᠤᠷ ᠠᠭᠠᠵᠢᠮ ᠢᠶᠠᠷ ᠰᠥᠰᠥᠨ ᠤᠭᠤᠲᠠ ᠶᠢᠨ ᠥᠮᠡᠨ ᠪᠤᠯᠤᠨ | ᠬᠦᠭᠵᠢᠵᠦ᠂ ᠡᠭᠡᠭᠦᠯᠵᠦ ᠪᠣᠯᠤᠰᠢ ᠦᠭᠡᠢ ᠦᠷ᠎ᠡ ᠤᠷᠰᠢᠭ ᠢ ᠠᠪᠴᠢᠷᠠᠵᠦ ᠮᠡᠳᠡᠨ᠎ᠡ᠃ |