ᠣᠶᠢᠷ᠎ᠠ ᠳᠤ ᠠᠮᠧᠷᠢᠺᠠ ᠶᠢᠨ ︽ᠰᠢᠨ᠎ᠡ ᠢᠩᠭ᠍ᠯᠠᠨᠳ᠋ ᠤᠨ ᠠᠨᠠᠭᠠᠬᠤ ᠤᠬᠠᠭᠠᠨ ᠤ ᠰᠡᠳᠬᠦᠯ︾ ᠳᠡᠭᠡᠷ᠎ᠡ | ᠨᠡᠶᠢᠲᠡᠯᠡᠭᠰᠡᠨ ᠨᠢᠭᠡᠨ ᠰᠢᠨ᠎ᠡ ᠰᠤᠳᠤᠯᠭᠠᠨ ᠠᠴᠠ ᠦᠵᠡᠪᠡᠯ᠂ ᠬᠥᠮᠦᠨ ᠤ ᠪᠡᠶ᠎ᠡ ᠳᠤ ᠤᠷᠤᠭᠰᠠᠨ ᠪᠢᠴᠢᠯ | ᠰᠦᠯᠢᠶᠣᠣ ᠨᠢ ᠯᠤᠭᠰᠢᠭᠤᠨ ᠰᠤᠳᠠᠯ ᠳᠣᠲᠣᠷ᠎ᠠ ᠬᠤᠷᠠᠵᠤ ᠴᠤᠭᠯᠠᠷᠠᠳᠠᠭ᠂ ᠡᠨᠡ ᠨᠢ ᠵᠢᠷᠦᠬᠡᠨ ᠡᠪᠡᠳᠴᠢᠨ᠂ ᠰᠠ | ᠡᠪᠡᠳᠴᠢᠨ ᠵᠡᠷᠭᠡ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ᠃ | ᠣᠶᠢᠯᠠᠭᠠᠭᠰᠠᠨ ᠢᠶᠠᠷ᠂ ᠪᠢᠴᠢᠯ ᠰᠦᠯᠢᠶᠣᠣ ᠭᠡᠳᠡᠭ ᠨᠢ ᠶᠡᠷᠦ ᠳᠡᠭᠡᠨ ᠮᠥᠬᠦᠯᠢᠭ ᠤᠨ ᠳ᠋ᠢᠶᠠᠮᠧᠲᠷ ᠨᠢ 5 | ᠮᠢᠯᠢᠮᠧᠲᠷ ᠠᠴᠠ ᠪᠠᠭ᠎ᠠ ᠰᠦᠯᠢᠶᠣᠣ ᠮᠥᠬᠦᠯᠢᠭ ᠢ ᠵᠢᠭᠠᠵᠤ ᠪᠤᠢ᠂ ᠲᠡᠷᠡ ᠨᠢ ᠢᠳᠡᠭᠡᠨ ᠪᠤᠶᠤ ᠠᠮᠢᠰᠬᠤᠯ ᠢᠶᠠᠷ | ᠳᠡᠮᠵᠢᠨ ᠬᠥᠮᠦᠨ ᠤ ᠪᠡᠶ᠎ᠡ ᠳᠤ ᠣᠷᠣᠳᠠᠭ᠃ ᠰᠤᠳᠤᠯᠭᠠᠨ ᠤ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ᠂ | 58% ᠶᠢᠨ ᠰᠤᠳᠤᠯᠤᠭᠳᠠᠬᠤ ᠡᠲᠡᠭᠡᠳ ᠤᠨ ᠬᠦᠵᠦᠭᠦᠨ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠠᠴᠠ | ᠪᠥᠭᠡᠭᠡᠨᠡᠷᠡᠯ ᠡᠲ᠋ᠧᠨ ᠤ ᠤᠯᠠ ᠮᠦᠷ ᠢ ᠪᠠᠶᠢᠴᠠᠭᠠᠨ ᠤᠯᠵᠠᠢ᠂ ᠡᠨᠡ ᠬᠦ ᠪᠥᠭᠡᠭᠡᠨᠡᠷᠡᠯ ᠡᠲ᠋ᠧᠨ ᠪᠣᠯ ᠦᠷᠭᠦᠯᠵᠢ | ᠬᠠᠷᠠᠭᠳᠠᠳᠠᠭ ᠰᠦᠯᠢᠶᠣᠣ ᠪᠣᠯᠤᠨ᠎ᠠ᠃ ᠡᠭᠦᠨ ᠠᠴᠠ ᠭᠠᠳᠠᠨ᠎ᠠ᠂ 12 % ᠤᠨ ᠰᠤᠳᠤᠯᠤᠭᠳᠠᠬᠤ ᠡᠲᠡᠭᠡᠳ ᠤᠨ | ᠬᠦᠵᠦᠭᠦᠨ ᠤ ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠠᠴᠠ ᠪᠥᠭᠡᠭᠡᠨᠡᠷᠡᠯ ᠾᠯᠤᠷᠤ᠋ ᠡᠲ᠋ᠧᠨ ᠤ ᠤᠯᠠ ᠮᠦᠷ ᠢ | ᠪᠠᠶᠢᠴᠠᠭᠠᠨ ᠤᠯᠵᠠᠢ᠂ ᠡᠨᠡ ᠨᠢ ᠥᠭᠡᠷ᠎ᠡ ᠨᠢᠭᠡ ᠵᠦᠢᠯ ᠤᠨ ᠦᠷᠭᠦᠯᠵᠢ ᠬᠠᠷᠠᠭᠳᠠᠳᠠᠭ ᠰᠦᠯᠢᠶᠣᠣ ᠪᠣᠯᠤᠨ᠎ᠠ᠃ | ᠪᠦᠷᠢᠳᠬᠡᠯ ᠤᠨ ᠵᠠᠳᠠᠯᠤᠯᠲᠠ ᠶᠢᠨ ᠦᠷ᠎ᠡ ᠳ᠋ᠦᠩ ᠳᠤ ᠢᠯᠡᠷᠡᠭᠦᠯᠦᠭᠰᠡᠨ ᠢᠶᠠᠷ᠂ ᠬᠦᠵᠦᠭᠦᠨ ᠯᠤᠭᠰᠢᠭᠤᠨ ᠰᠤᠳᠠᠯ ᠤᠨ | ᠲᠣᠯᠪᠤ ᠶᠢᠨ ᠬᠡᠰᠡᠭ ᠠᠴᠠ ᠰᠦᠯᠢᠶᠣᠣ ᠶᠢ ᠪᠠᠶᠢᠴᠠᠭᠠᠵᠤ ᠣᠯᠤᠭᠰᠠᠨ ᠦᠭᠡᠢ ᠬᠥᠮᠦᠨ ᠢ ᠪᠤᠳᠤᠪᠠᠯ᠂ ᠬᠦᠵᠦᠭᠦᠨ ᠤ | ᠯᠤᠭᠰᠢᠭᠤᠨ ᠰᠤᠳᠠᠯ ᠤᠨ ᠲᠣᠯᠪᠤ ᠶᠢᠨ ᠬᠡᠰᠡᠭ ᠲᠤ ᠪᠢᠴᠢᠯ ᠰᠦᠯᠢᠶᠣᠣ ᠪᠤᠶᠤ ᠮᠥᠬᠦᠯᠢᠭ ᠤᠨ ᠳ᠋ᠢᠶᠠᠮᠧᠲᠷ ᠨᠢ ᠨᠡᠩ | ᠪᠠᠭ᠎ᠠ ᠨᠠᠨᠤᠮᠧᠲᠷ ᠰᠦᠯᠢᠶᠣᠣ ᠪᠠᠶᠢᠬᠤ ᠬᠥᠮᠦᠨ ᠨᠢ ᠵᠢᠷᠦᠬᠡᠨ ᠡᠪᠡᠳᠴᠢᠨ᠂ ᠰᠠ ᠡᠪᠡᠳᠴᠢᠨ ᠳᠤ ᠨᠡᠷᠪᠡᠭᠳᠡᠬᠦ ᠪᠤᠶᠤ | ᠦᠬᠦᠬᠦ ᠲᠦᠭᠰᠢᠬᠦᠷᠢ ᠪᠠᠷ ᠬᠡᠳᠦᠨ ᠳᠠᠬᠢᠨ ᠥᠨᠳᠥᠷ ᠶᠤᠮ᠃ | |