ᠡᠶᠢᠮᠦ ᠤᠮᠳᠠᠭᠠᠨ ᠢ ᠤᠤᠭᠤᠬᠤ ᠳᠤ ᠰᠢᠬᠢᠷᠯᠢᠭ ᠪᠢᠰᠢ ᠪᠤᠯᠪᠠᠴᠤ ᠰᠢᠬᠢᠷ ᠢ ᠳᠡᠭᠡᠭᠰᠢᠯᠡᠭᠦᠯᠬᠦ ᠴᠢᠳᠠᠪᠤᠷᠢ ᠨᠢ ᠮᠠᠰᠢ ᠥᠨᠳᠥᠷ ᠶᠤᠮ︕
ᠨᠡᠶᠢᠲᠡᠯᠡᠭᠰᠡᠨ ᠴᠠᠭ᠄
2024/6/25
     ᠫᠢᠸᠤ᠋ ᠶᠢ ᠴᠢᠰᠤᠨ ᠰᠢᠬᠢᠷ ᠢ ᠳᠡᠭᠡᠭᠰᠢᠯᠡᠭᠦᠯᠬᠦ ᠲᠠᠢ ᠬᠤᠯᠪᠣᠬᠤ ᠳᠤ ᠮᠠᠰᠢ ᠬᠦᠴᠢᠷ ᠶᠤᠮ ᠰᠢᠭ ᠪᠠᠶᠢᠳᠠᠭ᠃ ᠫᠢᠸᠤ᠋ ᠶᠢ ᠪᠠᠰᠠ ︽ᠰᠢᠩᠭᠡᠨ ᠲᠠᠯᠬ᠎ᠠ︾ ᠭᠡᠳᠡᠭ᠃ ᠬᠥᠮᠦᠰ ᠫᠢᠸᠤ᠋ ᠶᠢ ︽ᠰᠢᠩᠭᠡᠨ ᠲᠠᠯᠬ᠎ᠠ︾ ᠭᠡᠳᠡᠭ ᠤᠨ ᠤᠴᠢᠷ ᠨᠢ ᠫᠢᠸᠤ᠋ ᠨᠢ ᠴᠢᠰᠤᠨ ᠰᠢᠬᠢᠷ ᠲᠤ ᠮᠠᠰᠢ ᠶᠡᠭᠡ ᠨᠥᠯᠥᠭᠡ ᠦᠵᠡᠬᠦᠯᠳᠡᠭ᠃ ᠡᠩ ᠤᠨ ᠫᠢᠸᠤ᠋ ᠶᠢᠨ ᠴᠢᠰᠤᠨ ᠰᠢᠬᠢᠷ ᠪᠦᠷᠢᠯᠳᠦᠬᠦ ᠢᠯᠡᠳᠬᠡᠭᠴᠢ ᠲᠤᠭ᠎ᠠ ᠨᠢ ᠪᠠᠷᠤᠭ 119 ᠪᠠᠶᠢᠳᠠᠭ ᠪᠤᠯᠬᠤᠷ ᠥᠨᠳᠥᠷ ᠴᠢᠰᠤᠨ ᠰᠢᠬᠢᠷ ᠪᠦᠷᠢᠯᠳᠦᠬᠦ ᠢᠯᠡᠳᠬᠡᠭᠴᠢ ᠲᠤᠭᠠᠳᠤ ᠢᠳᠡᠭᠡᠨ ᠳᠤ ᠬᠠᠷᠢᠶᠠᠯᠠᠭᠳᠠᠨ᠎ᠠ ︵ᠴᠢᠰᠤᠨ ᠰᠢᠬᠢᠷ ᠪᠦᠷᠢᠯᠳᠦᠬᠦ ᠢᠯᠡᠳᠬᠡᠭᠴᠢ ᠲᠤᠭ᠎ᠠ ᠨᠢ 70 ᠶᠢ ᠬᠡᠲᠦᠷᠡᠪᠡᠯ ᠳᠠᠷᠤᠢ ᠥᠨᠳᠥᠷ ᠴᠢᠰᠤᠨ ᠰᠢᠬᠢᠷ ᠪᠦᠷᠢᠯᠳᠦᠬᠦ ᠢᠯᠡᠳᠬᠡᠭᠴᠢ ᠲᠤᠭᠠᠳᠤ ᠢᠳᠡᠭᠡᠨ ᠪᠣᠯᠤᠨ᠎ᠠ︶᠃ ᠡᠭᠦᠨ ᠠᠴᠠ ᠦᠵᠡᠬᠦ ᠳᠤ᠂ ᠡᠯ᠎ᠡ ᠵᠦᠢᠯ ᠤᠨ ᠫᠢᠸᠤ᠋ ᠨᠢ ᠲᠠᠯᠬ᠎ᠠ᠂ ᠰᠢᠬᠢᠷ ᠤᠨ ᠲᠥᠷᠥᠯ ᠠᠴᠠ ᠨᠡᠩ ᠠᠮᠠᠷᠬᠠᠨ ᠬᠤᠭᠤᠯᠠᠨ ᠤ ᠳᠠᠷᠠᠭᠠᠬᠢ ᠴᠢᠰᠤᠨ ᠰᠢᠬᠢᠷ ᠢ ᠰᠢᠷᠦᠭᠦᠨ ᠬᠡᠯᠪᠡᠯᠵᠡᠭᠦᠯᠳᠡᠭ ᠪᠠᠶᠢᠨ᠎ᠠ᠃ ᠫᠢᠸᠤ᠋ ᠶᠠᠭᠠᠬᠢᠭᠠᠳ ᠴᠢᠰᠤᠨ ᠰᠢᠬᠢᠷ ᠢ ᠰᠢᠷᠦᠭᠦᠨ ᠬᠡᠯᠪᠡᠯᠵᠡᠭᠦᠯᠳᠡᠭ ᠪᠤᠢ︖      ᠡᠨᠡ ᠨᠢ ᠭᠤᠣᠯᠳᠠᠭᠤ ᠳᠣᠣᠷᠠᠬᠢ ᠭᠤᠷᠪᠠᠨ ᠰᠢᠯᠲᠠᠭᠠᠨ ᠠᠴᠠ ᠪᠣᠯᠵᠠᠢ᠄      1. ᠰᠢᠩᠭᠡᠭᠡᠬᠦ ᠨᠢ ᠬᠤᠷᠳᠤᠨ ᠪᠠᠶᠢᠳᠠᠭ      ᠫᠢᠸᠤ᠋ ᠳᠣᠲᠣᠷ᠎ᠠ ᠰᠢᠩᠭᠡᠭᠡᠬᠦ ᠬᠤᠷᠳᠤᠴᠠ ᠶᠢ ᠤᠳᠠᠭᠠᠰᠢᠷᠠᠭᠤᠯᠬᠤ ᠪᠦᠷᠢᠯᠳᠦᠬᠦᠨ ᠪᠠᠶᠢᠳᠠᠭ ᠦᠭᠡᠢ᠂ ᠫᠢᠸᠤ᠋ ᠶᠢ ᠤᠤᠭᠤᠬᠤ ᠳᠤ ᠯᠠ ᠶᠤᠮ ᠪᠤᠯ ᠲᠡᠭᠦᠨ ᠤ ᠳᠣᠲᠣᠷᠠᠬᠢ ᠰᠢᠬᠢᠷ ᠨᠢ ᠪᠠᠷᠤᠭ ᠳᠣᠣᠷ᠎ᠠ ᠪᠠᠨ ᠰᠢᠩᠭᠡᠭᠡᠭᠳᠡᠨ ᠠᠰᠢᠭᠯᠠᠭᠳᠠᠵᠤ᠂ ᠴᠢᠰᠤᠨ ᠰᠢᠬᠢᠷ ᠢ ᠮᠠᠰᠢ ᠲᠦᠷᠭᠡᠨ ᠳᠡᠭᠡᠭᠰᠢᠯᠡᠭᠦᠯᠳᠡᠭ᠃      2. ᠤᠬᠤᠷᠬᠠᠨ ᠬᠤᠭᠤᠴᠠᠭᠠᠨ ᠳᠤ ᠠᠮᠠᠷᠬᠠᠨ ᠬᠡᠲᠦ ᠠᠷᠪᠢᠨ ᠤᠤᠭᠤᠳᠠᠭ      ᠬᠥᠮᠦᠰ ᠫᠢᠸᠤ᠋ ᠤᠤᠭᠤᠬᠤ ᠳᠠᠭᠠᠨ ᠶᠡᠷᠦ ᠨᠢ ᠬᠡᠳᠦᠨ ᠯᠣᠩᠬᠤ ᠪᠠᠷ ᠤᠤᠭᠤᠳᠠᠭ᠃ ᠡᠨᠡ ᠨᠢ ᠣᠬᠤᠷᠬᠠᠨ ᠬᠤᠭᠤᠴᠠᠭᠠᠨ ᠳᠤ ᠨᠡᠯᠢᠶᠡᠳ ᠠᠷᠪᠢᠨ ᠰᠢᠬᠢᠷ ᠢ ᠠᠮᠠᠷᠬᠠᠨ ᠤᠤᠭᠤᠵᠤ ᠤᠷᠤᠭᠤᠯᠳᠠᠭ ᠮᠥᠷᠲᠡᠭᠡᠨ ᠠᠮᠠᠷᠬᠠᠨ ᠰᠢᠩᠭᠡᠭᠡᠳᠡᠭ᠃      3. ᠣᠯᠠᠨ ᠢᠳᠡᠭᠡᠨ ᠢ ᠠᠮᠠᠷᠬᠠᠨ ᠠᠷᠪᠢᠨ ᠢᠳᠡᠳᠡᠭ      ᠫᠢᠸᠤ᠋ ᠤᠤᠭᠤᠭᠰᠠᠨ ᠠᠴᠠ ᠪᠤᠯᠵᠤ ᠴᠢᠰᠤᠨ ᠰᠢᠬᠢᠷ ᠢ ᠰᠢᠷᠦᠭᠦᠨ ᠬᠡᠯᠪᠡᠯᠵᠡᠬᠦᠯᠵᠦ᠂ ᠬᠥᠮᠦᠨ ᠢ ᠮᠠᠰᠢ ᠲᠦᠷᠭᠡᠨ ᠥᠯᠥᠰᠬᠡᠵᠦ᠂ ᠠᠮᠠᠷᠬᠠᠨ ᠨᠡᠩ ᠠᠷᠪᠢᠨ ᠢᠳᠡᠭᠡᠨ ᠢᠳᠡᠭᠦᠯᠵᠦ᠂ ᠴᠢᠰᠤᠨ ᠰᠢᠬᠢᠷ ᠢ ᠤᠯᠠᠮ ᠢᠶᠠᠷ ᠳᠡᠭᠡᠭᠰᠢᠯᠡᠭᠦᠯᠳᠡᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号