ᠨᠢᠭᠡ ᠰᠤᠷᠭᠠᠭᠤᠯᠢ ᠳᠤ 76 ᠡᠪᠡᠳᠴᠢᠨ ᠤ ᠵᠢᠱᠢᠶ᠎ᠡ ᠭᠠᠷᠪᠠ︕ ᠡᠨᠡ ᠡᠪᠡᠳᠴᠢᠨ ᠨᠢ ᠬᠦᠨᠳᠦᠷᠡᠪᠡᠯ ᠲᠠᠮᠪᠠᠷᠠᠨ᠎ᠠ ᠭᠡᠵᠦ ᠡᠮᠴᠢ ᠰᠠᠨᠠᠭᠤᠯᠪᠠ
ᠨᠡᠶᠢᠲᠡᠯᠡᠭᠰᠡᠨ ᠴᠠᠭ᠄
2024/6/26
    ᠣᠳᠣᠬᠠᠨ ᠳᠤ ᠪᠠᠭᠠᠨ᠎ᠠ ᠨᠢᠷᠤᠭᠤ ᠬᠠᠵᠠᠭᠤ ᠲᠡᠶᠢᠰᠢ ᠮᠤᠷᠤᠶᠢᠬᠤ ᠶᠢ ᠰᠢᠭᠰᠢᠨ ᠪᠠᠶᠢᠴᠠᠭᠠᠬᠤ ᠪᠠᠶᠢᠴᠠᠭᠠᠯᠲᠠ ᠶᠢ ᠨᠢᠭᠡᠨᠲᠡ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠡᠶ᠎ᠡ ᠶᠢᠨ ᠪᠠᠶᠢᠴᠠᠭᠠᠯᠲᠠ ᠶᠢᠨ ᠵᠦᠢᠯᠡᠰ ᠲᠤ ᠣᠷᠣᠭᠤᠯᠪᠠ᠃ ᠮᠡᠳᠡᠭᠡᠯᠡᠭᠰᠡᠨ ᠢᠶᠠᠷ᠂ ᠬᠠᠩᠵᠧᠦ ᠶᠢᠨ ᠲᠢᠶᠠᠨ ᠴᠧᠩ ᠰᠤᠷᠭᠠᠭᠤᠯᠢ ᠶᠢᠨ ᠪᠠᠩ ᠾᠧ ᠰᠤᠷᠭᠠᠭᠤᠯᠢ ᠶᠢᠨ ᠲᠣᠭᠤᠷᠢᠭ ᠤᠨ 76 ᠬᠥᠮᠦᠨ ᠳᠤ ᠰᠢᠭᠰᠢᠨ ᠪᠠᠶᠢᠴᠠᠭᠠᠯᠳᠠ ᠬᠢᠭᠰᠡᠨ ᠳᠤ ᠬᠡᠪ ᠤᠨ ᠪᠤᠰᠤ ᠪᠠᠶᠢᠳᠠᠯ ᠭᠠᠷᠪᠠ᠃ ᠡᠭᠦᠨ ᠳᠤ ᠲᠤᠬᠠᠶ ᠶᠢᠨ ᠲᠠᠯᠠᠪᠠᠶ ᠳᠤ ᠬᠢᠭᠰᠡᠨ ᠪᠡᠶ᠎ᠡ ᠶᠢᠨ ᠪᠠᠶᠢᠴᠠᠭᠠᠯᠲᠠ ᠳᠤ ᠬᠡᠪ ᠤᠨ ᠪᠤᠰᠤ ᠪᠠᠶᠢᠳᠠᠯ ᠭᠠᠷᠤᠬᠰᠠᠨ ᠰᠣᠷᠣᠭᠴᠢ ᠶᠢ ᠴᠢᠨᠠᠬᠰᠢᠳᠠ ᠲᠦᠷᠦᠯ ᠬᠤᠪᠢᠶᠠᠵᠦ ᠰᠢᠭᠰᠢᠨ ᠪᠠᠶᠢᠴᠠᠭᠠᠵᠠᠶ᠂ ATR ︵ᠪᠡᠶ᠎ᠡ ᠶᠢᠨ ᠡᠷᠭᠢᠯᠲᠡ ᠶᠢᠨ ᠥᠨᠴᠥᠭ︶ ᠨᠢ 5 ᠭᠷᠠᠳᠦ᠋ᠰ ᠠᠴᠠ ᠳᠡᠭᠡᠭᠰᠢ 39 ᠬᠥᠮᠦᠨ ᠢ ᠳᠤᠭᠤᠶᠢᠯᠠᠩ ᠳᠤ ᠤᠷᠤᠭᠤᠯᠵᠤ ᠡᠯ᠎ᠡ ᠵᠦᠢᠯ ᠤᠨ ᠪᠠᠶᠢᠴᠠᠭᠠᠯᠳᠠ ᠬᠢᠵᠡᠢ᠃     ᠪᠠᠭᠠᠨ᠎ᠠ ᠨᠢᠷᠤᠭᠤ ᠬᠠᠵᠠᠭᠤ ᠲᠡᠶᠢᠰᠢ ᠮᠤᠷᠤᠶᠢᠬᠤ ᠨᠢ ᠨᠠᠰᠤ ᠨᠡᠮᠡᠭᠳᠡᠬᠦ ᠶᠢ ᠳᠠᠭᠠᠯᠳᠤᠨ ᠠᠭᠠᠵᠢᠮ ᠢᠶᠠᠷ ᠬᠦᠨᠳᠦᠷᠡᠵᠦ᠂ ᠪᠡᠶ᠎ᠡ ᠶᠢᠨ ᠲᠡᠩᠴᠡᠭᠦᠷᠢ ᠶᠢ ᠨᠥᠯᠥᠭᠡᠯᠡᠳᠡᠭ᠂ ᠬᠦᠨᠳᠦᠷᠡᠬᠦ ᠳᠤ ᠬᠦᠷᠪᠡᠯ ᠠᠮᠢᠰᠬᠤᠯ᠂ ᠵᠢᠷᠦᠬᠡᠨ ᠤ ᠠᠵᠢᠯᠯᠠᠭ᠎ᠠ ᠶᠢ ᠨᠥᠯᠥᠭᠡᠯᠡᠵᠦ᠂ ᠴᠢᠨᠠᠭᠰᠢᠯᠠᠪᠠᠯ ᠲᠠᠮᠪᠠᠷᠠᠳᠠᠭ ᠪᠠᠶᠢᠨ᠎ᠠ᠃     ᠪᠠᠭᠠᠨ᠎ᠠ ᠨᠢᠷᠤᠭᠤ ᠬᠠᠵᠠᠭᠤ ᠲᠡᠶᠢᠰᠢ ᠮᠤᠷᠦ᠋ᠢᠪᠠᠯ ᠶᠠᠭᠠᠬᠢᠬᠤ ᠪᠤᠢ︖     ᠪᠡᠭᠡᠵᠢᠩ ᠤᠨ ᠵᠢᠶ ᠱᠦᠶ ᠲᠠᠨ ᠡᠮᠨᠡᠯᠭᠡ ᠶᠢᠨ ᠬᠤᠷᠢᠶᠠᠨ ᠤ ᠨᠢᠷᠤᠭᠤᠨ ᠤ ᠭᠠᠳᠠᠷ ᠰᠠᠯᠠᠭᠠᠨ ᠤ ᠳᠡᠳ᠋ ᠡᠷᠬᠢᠯᠡᠭᠴᠢ ᠡᠮᠴᠢ ᠰᠢᠶᠤᠤ ᠪᠢᠨ ᠲᠠᠨᠢᠯᠴᠠᠭᠤᠯᠤᠨ ᠬᠡᠯᠡᠬᠦ ᠳᠡᠭᠡᠨ᠂ ᠶᠡᠷᠦ ᠳᠡᠭᠡᠨ ᠬᠠᠵᠠᠭᠤ ᠲᠡᠶᠢᠰᠢ ᠮᠤᠷᠤᠶᠢᠬᠰᠠᠨ ᠮᠤᠷᠦ᠋ᠢᠯᠲᠠ ᠶᠢᠨ ᠭᠷᠠᠳᠦ᠋ᠰ ᠤᠨ ᠲᠤᠭ᠎ᠠ ᠶᠢ ᠪᠣᠳᠣᠯᠬᠢᠯᠠᠳᠠᠭ᠃     1. ᠭᠷᠠᠳᠦ᠋ᠰ ᠤᠨ ᠲᠤᠭ᠎ᠠ ᠨᠢ 25 ° ᠠᠴᠠ 45 ° ᠤᠨ ᠬᠤᠭᠤᠷᠣᠨᠳᠣ ᠪᠠᠶᠢᠬᠤ ᠮᠦᠷᠳᠡᠭᠡᠨ ᠪᠠᠰᠠ ᠥᠰᠥᠯᠲᠡ ᠶᠢᠨ ᠬᠤᠭᠤᠴᠠᠭᠠᠨ ᠳᠠᠭᠠᠨ ᠪᠠᠶᠢᠭ᠎ᠠ ᠬᠡᠦᠬᠡᠳ ᠢ ᠪᠤᠯ ᠬᠠᠵᠠᠭᠤ ᠲᠠᠶᠢᠰᠢ ᠮᠤᠷᠤᠶᠢᠬᠰᠠᠨ ᠢ ᠨᠢ ᠲᠡᠭᠰᠢᠯᠡᠨ ᠵᠠᠰᠠᠬᠤ ᠪᠠᠭᠠᠵᠢ ᠪᠠᠷ ᠬᠠᠪᠰᠤᠷᠭᠠᠨ ᠵᠠᠰᠠᠪᠠᠯ ᠵᠤᠬᠢᠨ᠎ᠠ᠃     2. ᠬᠡᠷᠪᠡ ᠭᠷᠠᠳᠦ᠋ᠰ ᠤᠨ ᠲᠤᠭ᠎ᠠ ᠨᠢ ᠬᠠᠷᠢᠴᠠᠩᠭᠤᠢ ᠪᠠᠷ ᠨᠡᠯᠢᠶᠡᠳ ᠪᠠᠭ᠎ᠠ᠂ 20 ° ᠠᠴᠠ ᠲᠤᠷᠤᠬᠰᠢ ᠪᠠᠶᠢᠭ᠎ᠠ ᠬᠡᠦᠬᠡᠳ ᠢ ᠪᠤᠯ ᠲᠣᠭᠲᠠᠭᠰᠠᠨ ᠬᠤᠭᠤᠴᠠᠭ᠎ᠠ ᠲᠠᠢ ᠪᠠᠷ ᠠᠵᠢᠬᠯᠠᠵᠤ᠂ ᠡᠷᠡᠭᠦᠯᠵᠢᠬᠦᠯᠬᠦ ᠴᠢᠨᠠᠷ ᠲᠠᠢ ᠪᠣᠯᠪᠠᠰᠤᠷᠠᠯ ᠢ ᠬᠢᠵᠦ ᠪᠣᠯᠤᠨ᠎ᠠ᠃     3. ᠬᠡᠷᠪᠡ ᠬᠠᠵᠠᠭᠤ ᠲᠡᠶᠢᠰᠢ ᠮᠤᠷᠦ᠋ᠢᠬᠰᠠᠨ ᠭᠷᠠᠳᠦ᠋ᠰ ᠨᠢ 45 ᠭᠷᠠᠳᠦ᠋ᠰ ᠠᠴᠠ ᠶᠡᠭᠡ᠂ ᠭᠠᠳᠠᠷ ᠪᠠᠶᠢᠳᠠᠯ ᠨᠢ ᠢᠯᠡᠷᠬᠡᠢ ᠵᠠᠷᠢᠮᠳᠠᠭ᠂ ᠪᠡᠶ᠎ᠡ ᠮᠠᠬᠠᠪᠣᠳ ᠨᠢ ᠲᠡᠩᠴᠡᠭᠦᠷᠢ ᠦᠭᠡᠢ ᠪᠠᠶᠢᠬᠤ ᠪᠤᠶᠤ ᠴᠢᠨᠠᠬᠰᠢᠯᠠᠨ ᠬᠦᠨᠳᠦᠷᠡᠬᠦ ᠬᠠᠨᠳᠤᠰᠢ ᠲᠠᠢ ᠪᠤᠯ ᠮᠡᠰᠡ ᠵᠠᠰᠠᠯ ᠬᠢᠯᠭᠡᠪᠡᠯ ᠵᠤᠬᠢᠨ᠎ᠠ ᠬᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号