ᠬᠡᠯᠡ ᠬᠠᠭᠠᠷᠬᠠᠤ ᠪᠣᠯ ᠨᠢᠭᠡ ᠵᠦᠢᠯ ᠤᠨ ᠬᠡᠪ ᠤᠨ ᠪᠤᠰᠤ ᠪᠤᠶᠢᠵᠢᠯᠲᠠ ᠶᠢᠨ ᠢᠯᠡᠷᠡᠯ ᠪᠤᠯᠬᠤ ᠪᠦᠭᠡᠳ | ᠡᠪᠡᠳᠴᠢᠯᠡᠬᠦ ᠨᠣᠷᠮ᠎ᠠ ᠨᠢ ᠪᠠᠷᠤᠭ 8.8 % ᠪᠤᠯᠤᠨ᠎ᠠ᠃ ᠵᠠᠷᠢᠮ ᠬᠦᠮᠦᠨ ᠡᠨᠡ ᠬᠦ ᠡᠪᠡᠳᠴᠢᠨ ᠤ ᠰᠢᠯᠲᠠᠭᠠᠨ ᠶᠢ | ᠲᠥᠷᠥᠯᠬᠢ ᠬᠡᠯᠨ ᠶᠢᠨ ᠪᠤᠶᠢᠵᠢᠯᠲᠠ ᠨᠢ ᠬᠡᠪ ᠤᠨ ᠪᠤᠰᠤ ᠠᠴᠠ ᠪᠤᠯᠵᠠᠢ ᠭᠡᠵᠦ ᠦᠵᠡᠵᠦ ᠪᠤᠢ᠂ ᠵᠠᠷᠢᠮ ᠬᠦᠮᠦᠨ ᠪᠠᠰᠠ | ᠤᠳᠤᠮᠯᠠᠯ ᠤᠨ ᠡᠯᠧᠮᠧᠨ᠋ᠲ ᠪᠠ ᠣᠷᠴᠢᠨ ᠲᠣᠭᠤᠷᠢᠨ ᠤ ᠡᠯᠧᠮᠧᠨ᠋ᠲ ᠤᠨ ᠬᠠᠮᠲᠤ ᠶᠢᠨ ᠦᠢᠯᠡᠳᠦᠯ ᠤᠨ ᠦᠷ᠎ᠡ ᠳ᠋ᠦᠩ | ᠭᠡᠵᠦ ᠦᠵᠡᠵᠦ ᠪᠤᠢ᠂ ᠪᠠᠰᠠ ᠵᠠᠷᠢᠮ ᠬᠦᠮᠦᠨ ᠲᠥᠷᠥᠯᠬᠢ ᠪᠤᠰᠤ ᠡᠯᠧᠮᠧᠨ᠋ᠲ᠂ ᠵᠢᠱᠢᠶᠡᠯᠡᠪᠡᠯ ᠭᠠᠵᠠᠷ ᠵᠦᠢ ᠶᠢᠨ | ᠣᠷᠴᠢᠨ ᠲᠣᠭᠤᠷᠢᠨ᠂ ᠢᠳᠡᠭᠡᠨ ᠤᠮᠳᠠᠭᠠᠨ ᠤ ᠰᠢᠮ᠎ᠡ ᠲᠡᠵᠢᠭᠡᠯ᠂ ᠳᠣᠲᠣᠭᠠᠳᠤ ᠱᠦᠬᠦᠷᠡᠯ ᠤᠨ ᠠᠵᠢᠯᠯᠠᠭ᠎ᠠ ᠶᠢᠨ | ᠰᠠᠮᠠᠭᠤᠷᠠᠯ ᠵᠡᠷᠭᠡ ᠲᠥᠷᠥᠯᠬᠢ ᠪᠤᠰᠤ ᠡᠯᠧᠮᠧᠨ᠋ᠲ ᠠᠴᠠ ᠪᠤᠯᠵᠠᠢ ᠭᠡᠵᠦ ᠦᠵᠡᠵᠦ ᠪᠤᠢ᠃ ᠰᠤᠳᠤᠯᠭᠠᠲᠠᠳ ᠬᠡᠯᠡ | ᠬᠠᠭᠠᠷᠬᠠᠤ ᠨᠢ ᠵᠠᠷᠢᠮ ᠸᠢᠲ᠋ᠠᠮᠢᠨ ᠳᠤᠲᠠᠭᠳᠠᠬᠰᠠᠨ ︵ᠪᠥᠭᠡᠮ ᠤᠨ ᠰᠢᠷ᠎ᠠ ᠡᠳ᠋᠂ ᠵᠡᠰ︶ ᠪᠠ ᠵᠠᠷᠢᠮ ᠢᠳᠡᠭᠡᠨ ᠢ | ᠢᠳᠡᠭᠰᠡᠨ ︵ᠭᠤᠱᠤᠭᠤᠨ᠂ ᠲᠣᠰᠣᠯᠢᠭ᠂ ᠬᠡᠲᠦᠷᠬᠡᠶ ᠬᠠᠲᠠᠭᠤ︶ ᠵᠢᠴᠢ ᠵᠠᠷᠢᠮ ᠡᠪᠡᠳᠴᠢᠨ ᠡᠮᠭᠡᠭ ︵ᠮᠥᠩᠭᠦᠨ | ᠦᠷᠦᠪᠳᠡᠰᠦ ᠶᠢᠨ ᠡᠪᠡᠳᠴᠢᠨ᠂ ᠰᠢᠬᠢᠷ ᠰᠢᠵᠢᠩ ᠡᠪᠡᠳᠴᠢᠨ ᠵᠡᠷᠭᠡ︶ ᠤᠯᠤᠬᠰᠠᠨ ᠵᠡᠷᠭᠡ ᠲᠠᠢ ᠬᠤᠯᠪᠣᠭ᠎ᠠ ᠲᠠᠢ | ᠭᠡᠵᠦ ᠦᠵᠡᠵᠦ ᠪᠤᠢ᠃ | ᠵᠠᠷᠢᠮ ᠰᠤᠳᠤᠯᠭᠠᠨ ᠳᠤ᠂ ᠬᠡᠯᠨ ᠬᠠᠭᠠᠷᠬᠠᠤ ᠡᠪᠡᠳᠴᠢᠨ ᠤᠯᠬᠤ ᠨᠣᠷᠮ᠎ᠠ ᠨᠢ ᠨᠠᠰᠤ ᠨᠡᠮᠡᠭᠳᠡᠬᠦ ᠶᠢ ᠳᠠᠭᠠᠯᠳᠤᠨ | ᠨᠡᠮᠡᠭᠳᠡᠵᠦ ᠪᠠᠶᠢᠨ᠎ᠠ᠃ ᠬᠡᠳᠦ᠋ᠢᠪᠡᠷ ᠲᠣᠮᠣ ᠬᠥᠮᠦᠨ ᠤ ᠬᠡᠯᠡ ᠬᠠᠭᠠᠷᠠᠬᠤ ᠨᠢ ᠬᠡᠦᠬᠡᠳ ᠠᠴᠠ ᠣᠯᠠᠨ ᠭᠠᠷᠭᠠᠳᠠᠭ | ᠪᠣᠯᠪᠠᠴᠤ ᠬᠡᠯᠡ ᠬᠠᠭᠠᠷᠠᠬᠤ ᠨᠢ ᠳᠠᠩ ᠣᠪᠣᠭᠲᠤ ᠶᠢᠨ ᠶᠡᠷᠦᠩᠭᠡᠶᠢᠯᠡᠭᠰᠡᠨ ᠭᠡᠮ ᠤᠯᠤᠬᠰᠠᠨ ᠬᠡᠦᠬᠡᠳ ᠲᠤ ᠦᠷᠭᠦᠯᠵᠢ | ᠲᠣᠬᠢᠶᠠᠯᠳᠤᠳᠠᠭ ᠨᠢᠭᠡᠨ ᠢᠯᠡᠷᠡᠯ ᠪᠤᠯᠤᠨ᠎ᠡ ᠭᠡᠵᠦ ᠲᠤᠳᠤᠷᠬᠠᠶᠢᠯᠠᠵᠠᠢ᠃ | ᠡᠪᠡᠳᠴᠢᠨ ᠤ ᠢᠯᠡᠷᠡᠯ ᠰᠢᠨᠵᠢ ᠦᠭᠡᠢ ᠣᠯᠠᠩᠬᠢ ᠡᠪᠡᠳᠴᠢᠳᠡᠨ ᠤ ᠬᠠᠭᠠᠷᠬᠠᠶ ᠬᠡᠯᠡ ᠶᠢ ᠶᠡᠷᠦ ᠨᠢ ᠣᠨᠴᠠᠭᠠᠶ | ᠡᠮᠴᠢᠯᠡᠭᠡ ᠬᠢᠬᠦ ᠴᠢᠬᠤᠯᠠ ᠦᠭᠡᠢ᠂ ᠡᠪᠡᠳᠴᠢᠲᠡᠨ ᠵᠢᠴᠢ ᠭᠡᠷ ᠤᠨ ᠠᠬᠠᠮᠠᠳ ᠨᠠᠷ ᠬᠡᠲᠦᠷᠬᠡᠶ ᠠᠶᠤᠵᠤ ᠰᠠᠨᠳᠤᠷᠬᠤ | ᠬᠡᠷᠡᠭ ᠦᠭᠡᠢ᠃ | ᠬᠡᠯᠡ ᠨᠢ ᠨᠡᠯᠢᠶᠡᠳ ᠭᠦᠨ ᠬᠠᠭᠠᠷᠠᠬᠰᠠᠨ ᠪᠤᠯ ᠬᠠᠭᠠᠷᠬᠠᠶ ᠪᠠᠷ ᠨᠢ ᠢᠳᠡᠭᠡᠨ ᠤ ᠦᠯᠡᠳᠡᠭᠳᠡᠯ ᠤᠷᠤᠬᠤ ᠮᠠᠭᠠᠳ | ᠦᠭᠡᠢ᠂ ᠡᠨᠡ ᠨᠢ ᠪᠠᠺᠲ᠋ᠧᠷᠢ ᠶᠢᠨ ᠬᠠᠯᠳᠠᠪᠤᠷᠢᠯᠠᠯ ᠪᠤᠶᠤ ᠵᠢᠩᠬᠢᠨᠢ ᠮᠥᠭᠦ ᠶᠢᠨ ᠬᠠᠯᠳᠠᠪᠤᠷᠢᠯᠠᠯ ᠢ ᠡᠭᠦᠰᠭᠡᠬᠦ ᠶᠢᠨ | ᠤᠯᠠᠮ ᠢᠶᠠᠷ ᠬᠡᠯᠡᠨ ᠤ ᠦᠷᠪᠢᠰᠦᠯ ᠪᠤᠶᠤ ᠠᠮᠠᠨ ᠤ ᠦᠮᠡᠬᠡᠢᠷᠡᠯ ᠢ ᠡᠭᠦᠰᠭᠡᠵᠦ ᠮᠡᠳᠡᠨ᠎ᠡ᠂ ᠡᠶᠢᠮᠦ ᠠᠴᠠ ᠬᠡᠯᠡ | ᠬᠠᠭᠠᠷᠬᠠᠤ ᠡᠪᠡᠳᠴᠢᠨ ᠤᠯᠤᠬᠰᠠᠨ ᠡᠪᠡᠳᠴᠢᠲᠡᠨ ᠡᠳᠦᠷ ᠪᠦᠷᠢ ᠰᠢᠳᠦ ᠪᠠᠨ ᠱᠤᠸᠠᠰᠠᠳᠠᠬᠤ ᠦᠶ᠎ᠡ ᠳᠤ ᠬᠡᠯᠡᠨ ᠤ | ᠠᠷᠢᠭᠤᠨ ᠴᠡᠪᠡᠷ ᠢᠶᠠᠨ ᠠᠩᠬᠠᠷᠬᠤ ᠬᠡᠷᠡᠭᠲᠡᠢ᠃ |