ᠠᠩᠬᠠᠷ︕ ᠵᠠᠷᠢᠮ ᠡᠮ ᠢ ᠬᠠᠭᠠᠯᠵᠤ ᠤᠤᠭᠤᠵᠤ ᠪᠣᠯᠬᠤ ᠦᠭᠡᠢ
ᠨᠡᠶᠢᠲᠡᠯᠡᠭᠰᠡᠨ ᠴᠠᠭ᠄
2024/7/18
     ᠵᠠᠷᠢᠮ ᠬᠥᠮᠦᠨ ᠤᠤᠭᠤᠬᠤ ᠳᠤ ᠳᠥᠭᠦᠮ ᠢ ᠪᠤᠳᠤᠭᠠᠳ ᠡᠮ ᠢᠶᠠᠨ ᠬᠠᠭᠠᠯᠬᠤ ᠪᠤᠶᠤ ᠬᠡᠮᠬᠡᠯᠵᠦ ᠨᠢᠴᠠᠯᠠᠭᠠᠳ ᠰᠠᠶ᠋ᠢ ᠤᠤᠭᠤᠳᠠᠭ᠂ ᠭᠡᠪᠡᠴᠦ ᠳᠣᠣᠷᠠᠬᠢ ᠬᠡᠳᠦᠨ ᠵᠦᠢᠯ ᠤᠨ ᠡᠮ ᠢ ᠬᠠᠭᠠᠯᠵᠤ ᠤᠤᠭᠤᠵᠤ ᠪᠣᠯᠬᠤ ᠦᠭᠡᠢ᠃ ᠵᠢᠱᠢᠶᠡᠯᠡᠪᠡᠯ ᠬᠤᠨᠭ᠌ ᠮᠸᠢ ᠰᠤ᠋ ︵红霉素︶᠂ ᠫᠦ᠋ ᠯᠦᠸᠧ ᠫᠠ ᠲᠦᠡᠭ ︵普罗帕       酮︶᠂ ᠠ ᠯᠦᠨ ᠯᠢᠨ ᠰᠤᠸᠠᠨ ᠨᠠ ︵阿仑膦酸钠︶᠂ ᠾᠯᠣᠷᠲᠤ ᠺᠠᠯᠢ ︵氯化钾︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ ᠰᠢᠩᠭᠡᠭᠡᠯᠲᠡ ᠶᠢᠨ ᠵᠠᠮ ᠤᠨ ᠰᠠᠯᠢᠰᠤᠲᠤ ᠪᠦᠷᠬᠦᠪᠴᠢ ᠶᠢ ᠭᠡᠮᠲᠦᠭᠡᠳᠡᠭ︔ ᠵᠢᠱᠢᠶᠡᠯᠡᠪᠡᠯ ᠳ᠋ᠦᠸᠧ ᠮᠸᠢ ᠫᠢᠶᠠᠨ ︵多酶片︶᠂ ᠢ ᠮᠸᠢ ᠫᠢᠶᠠᠨ ︵胰酶          片︶᠂ ᠢ ᠮᠸᠢ ᠫᠢᠶᠠᠨ ᠨᠡᠶᠢᠯᠡᠮᠡᠯ ᠬᠠᠪᠲᠠᠭᠠᠢ ᠦᠷᠢᠯ ︵复方胰酶片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ ᠠᠮᠠᠷᠬᠠᠨ ᠬᠤᠳᠣᠭᠤᠳᠣᠨ ᠰᠢᠩᠭᠡᠨ ᠢ ᠡᠪᠳᠡᠬᠦ ᠠᠴᠠ ᠪᠤᠯᠵᠤ ᠦᠢᠯᠡᠳᠦᠯ ᠢᠶᠠᠨ ᠠᠯᠳᠠᠳᠠᠭ︔ ᠺᠦᠡᠭ ᠱᠢ ᠫᠢᠶᠠᠨ ︵控释片︶ ᠪᠠ ᠬᠤᠸᠠᠨ ᠱᠢ ᠪᠢᠶᠠᠨ ︵缓释片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ ᠠᠮᠠᠷᠬᠠᠨ ᠪᠦᠲᠦᠴᠡ ᠶᠢ ᠡᠪᠳᠡᠳᠡᠭ︔ ᠪᠠᠰᠠ ᠬᠡᠳᠡᠰᠦᠨ ᠳᠤ ᠠᠭᠤᠰᠬᠤ ᠡᠮ ︵肠溶    片︶᠂ ᠬᠤᠮᠵᠢᠶ᠎ᠠ ᠡᠮ ︵胶囊 剂︶᠂ ᠬᠡᠯᠡᠨ ᠲᠤᠤᠷ᠎ᠠ ᠪᠠᠨ ᠲᠠᠷᠤᠬᠤ ᠡᠮ ︵舌下片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠵᠤ ᠪᠣᠯᠬᠤ ᠦᠭᠡᠢ᠃ ᠰᠠᠨᠠᠭᠤᠯᠤᠮᠵᠢ᠄ ᠡᠩ ᠤᠨ ᠪᠠᠶᠢᠳᠠᠯ ᠳᠣᠣᠷ᠎ᠠ ᠡᠮ ᠤᠨ ᠭᠤᠤᠯ ᠳᠤ ᠬᠡᠷᠴᠢᠭᠰᠡᠨ ᠵᠢᠷᠤᠭᠠᠰᠤ ᠪᠠᠶᠢᠪᠠᠯ ᠣᠯᠠᠩᠬᠢ ᠡᠮ ᠢ ᠨᠢ ᠬᠠᠭᠠᠯᠵᠤ ᠬᠡᠮᠬᠡᠯᠵᠦ ᠤᠤᠭᠤᠵᠤ    ᠪᠣᠯᠤᠨ᠎ᠠ᠃ ᠡᠮ ᠬᠡᠷᠡᠭᠯᠡᠬᠦ ᠠᠴᠠ ᠪᠠᠨ ᠡᠮᠦᠨ᠎ᠡ ᠲᠣᠳᠣᠷᠬᠠᠶᠢᠯᠠᠯᠲᠠ ᠶᠢᠨ ᠪᠢᠴᠢᠭ ᠢ ᠨᠠᠷᠢᠨ ᠤᠩᠰᠢᠬᠤ ᠶᠢᠨ ᠬᠠᠮᠲᠤ ᠲᠣᠳᠣᠷᠬᠠᠶᠢᠯᠠᠯᠲᠠ ᠶᠣᠰᠣᠭᠠᠷ ᠬᠡᠷᠡᠭᠯᠡᠬᠦ ᠪᠤᠶᠤ ᠡᠮ ᠨᠠᠶᠢᠷᠠᠭᠴᠢ ᠶᠢᠨ ᠵᠢᠯᠣᠭᠤᠳᠣᠯᠭ᠎ᠠ ᠳᠤᠤᠷ᠎ᠠ ᠬᠡᠷᠡᠭᠯᠡᠬᠦ ᠬᠡᠷᠡᠭᠲᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号