ᠵᠤᠨ ᠤ ᠨᠠᠷᠠᠨ ᠳᠤ ᠪᠡᠶ᠎ᠡ ᠶᠢᠨ ᠢᠶᠠᠨ ᠡᠨᠡ ᠬᠦ ᠬᠡᠰᠡᠭ ᠭᠠᠵᠠᠷ ᠢ ᠰᠢᠷᠠᠬᠳᠠᠬᠤ ᠠᠴᠠ ᠬᠢᠴᠢᠶᠡᠭᠡᠷᠡᠢ︕
ᠨᠡᠶᠢᠲᠡᠯᠡᠭᠰᠡᠨ ᠴᠠᠭ᠄
2024/7/3
      ᠮᠠᠰᠢ ᠣᠯᠠᠨ ᠬᠥᠮᠦᠨ ᠰᠢᠷᠠᠬᠳᠠᠬᠤ ᠠᠴᠠ ᠬᠠᠮᠤᠭ ᠠᠴᠠ ᠢᠯᠡᠬᠦᠦ ᠬᠢᠴᠢᠶᠡᠬᠦ ᠴᠢᠬᠤᠯᠠᠳᠠᠢ ᠭᠠᠵᠠᠷ᠂ ᠲᠤᠬᠠᠶᠢᠯᠠᠪᠠᠯ ᠨᠢᠳᠦ ᠪᠠᠨ ᠬᠠᠮᠠᠭᠠᠯᠠᠬᠤ ᠶᠢ ᠮᠠᠷᠳᠠᠴᠢᠬᠰᠠᠨ ᠪᠠᠶᠢᠳᠠᠭ᠃ ᠬᠡᠷᠪᠡ ᠨᠢᠳᠦ ᠴᠢᠨᠢ ᠤᠷᠲᠤ ᠬᠤᠭᠤᠴᠠᠭ᠎ᠠ ᠪᠠᠷ ᠬᠦᠷᠢᠨ ᠤ ᠭᠠᠳᠠᠨᠠᠬᠢ ᠲᠤᠶᠠᠭ᠎ᠠ ᠶᠢ ᠬᠦᠯᠢᠶᠡᠨ ᠠᠪᠤᠪᠠᠯ᠂ ᠨᠢᠳᠦᠨ ᠤ ᠴᠢᠨᠢ ᠡᠯ᠎ᠡ ᠨᠡᠬᠡᠳᠡᠰᠦ ᠪᠦᠷ ᠠᠳᠠᠯᠢ ᠪᠤᠰᠤ ᠬᠡᠮᠵᠢᠶ᠎ᠡ ᠪᠠᠷ ᠭᠡᠮᠲᠦᠳᠡᠭ᠃ ᠬᠦᠷᠢᠨ ᠤ ᠭᠠᠳᠠᠨᠠᠬᠢ ᠲᠤᠶᠠᠭ᠎ᠠ ᠶᠢᠨ ᠨᠢᠳᠦ ᠶᠢ ᠭᠡᠮᠲᠦᠭᠡᠬᠦ ᠶᠠᠪᠤᠳᠠᠯ ᠡᠭᠦᠨ ᠢᠶᠠᠷ ᠵᠣᠭᠰᠣᠬᠤ ᠦᠭᠡᠢ᠂ ᠴᠢᠨᠠᠭᠰᠢᠯᠠᠨ ᠪᠢᠳᠡᠨ ᠳᠤ 90 % ᠠᠴᠠ ᠳᠡᠭᠡᠭᠰᠢᠬᠢ ᠬᠠᠷᠠᠭᠠᠨ ᠰᠡᠷᠡᠯ ᠤᠨ ᠰᠤᠷᠠᠭ ᠵᠠᠩᠭᠢ ᠬᠠᠨᠭ᠍ᠭᠠᠳᠠᠭ ᠰᠢᠷ᠎ᠠ ᠲᠣᠯᠪᠤ ᠶᠢ ᠴᠤ ᠨᠥᠯᠥᠭᠡᠯᠡᠳᠡᠭ ᠪᠠᠶᠢᠨ᠎ᠠ᠃ ᠰᠢᠷ᠎ᠠ ᠲᠣᠯᠪᠤ ᠨᠢ ᠨᠢᠳᠦᠨ ᠤ ᠲᠣᠣᠷᠯᠢᠭ ᠪᠦᠷᠬᠦᠪᠴᠢ ᠶᠢᠨ ᠲᠥᠪ ᠳᠤ ᠣᠷᠣᠰᠢᠵᠤ ᠪᠠᠶᠢᠳᠠᠭ ᠪᠤᠯᠬᠤᠷ ᠬᠡᠷᠪᠡ ᠬᠦᠷᠢᠨ ᠤ ᠭᠠᠳᠠᠨᠠᠬᠢ ᠲᠤᠶᠠᠭ᠎ᠠ ᠨᠢ ᠰᠢᠷ᠎ᠠ ᠲᠣᠯᠪᠤ ᠶᠢᠨ ᠣᠷᠣᠨ ᠪᠦᠰᠡ ᠶᠢᠨ ᠭᠡᠷᠡᠯ ᠮᠡᠳᠡᠷᠡᠬᠦ ᠡᠰ ᠪᠣᠯᠤᠨ ᠪᠤᠳᠤᠭᠲᠤ ᠡᠳ᠋ ᠤᠨ ᠳᠡᠭᠡᠳᠦ ᠬᠥᠷᠥᠰᠥᠨ ᠡᠰ ᠢ ᠭᠡᠮᠲᠦᠭᠡᠬᠦ ᠳᠤ ᠬᠦᠷᠪᠡᠯ᠂ ᠰᠢᠷ᠎ᠠ ᠲᠣᠯᠪᠤ ᠶᠢᠨ ᠴᠢᠨᠠᠷ ᠬᠤᠪᠢᠷᠠᠬᠤ ᠲᠦᠭᠰᠢᠭᠦᠷᠢ ᠳᠠᠷᠤᠶ ᠶᠡᠭᠡ ᠪᠠᠷ ᠳᠡᠭᠡᠭᠰᠢᠯᠡᠬᠦ ᠪᠤᠯᠤᠨ᠎ᠠ᠃      ᠪᠣᠢ ᠪᠦᠬᠦᠢ ᠨᠡᠷᠡᠨ ᠰᠢᠯ ᠪᠦᠷ ᠰᠢᠷᠠᠭᠳᠠᠬᠤ ᠶᠢ ᠰᠡᠷᠭᠡᠶᠢᠯᠡᠬᠦ ᠴᠢᠳᠠᠮᠵᠢ ᠲᠠᠢ ᠶᠤᠮ᠃ ᠲᠣᠬᠢᠷᠠᠮᠵᠢᠲᠠᠶ ᠨᠡᠷᠡᠨ ᠰᠢᠯ ᠬᠤᠳᠠᠯᠳᠤᠨ ᠠᠪᠬᠤ ᠭᠡᠪᠡᠯ ᠬᠠᠮᠤᠭ ᠰᠠᠶᠢᠨ ᠨᠢ ᠲᠣᠳᠣᠷᠬᠠᠶᠢᠯᠠᠯᠲᠠ ᠶᠢᠨ ᠪᠢᠴᠢᠭ ᠢ ᠨᠢ ᠨᠠᠷᠢᠪᠴᠢᠯᠠᠨ    ᠦᠵᠡᠵᠦ᠂ UV400 ᠪᠤᠶᠤ UV100 % ᠭᠡᠵᠦ ᠲᠣᠳᠣᠷᠬᠠᠶᠢᠯᠠᠭᠰᠠᠨ ᠡᠰᠡᠬᠦ ᠶᠢ ᠦᠵᠡᠬᠦ ᠬᠡᠷᠡᠭᠲᠡᠶ᠂ ᠡᠶᠢᠮᠦ ᠨᠡᠷᠡᠨ ᠰᠢᠯ ᠤᠨ ᠵᠠᠷᠢᠮ ᠨᠢ ᠣᠨᠴᠠᠭᠠᠶ ᠲᠡᠮᠦᠷᠯᠢᠭ ᠪᠣᠳᠠᠰ ᠨᠡᠮᠡᠬᠦ ᠪᠠᠷ ᠲᠡᠮᠵᠢᠠ ᠬᠦᠷᠢᠨ ᠤ ᠭᠠᠳᠠᠨᠠᠬᠢ ᠲᠤᠶᠠᠭ᠎ᠠ ᠶᠢ ᠰᠢᠩᠭᠡᠭᠡᠨ ᠠᠪᠴᠤ᠂ ᠵᠠᠷᠢᠮ ᠨᠢ ᠨᠢᠮᠭᠡᠨ ᠬᠠᠯᠢᠰᠦ ᠥᠩᠭᠡᠯᠡᠭᠰᠡᠨ ᠠᠴᠠ ᠪᠤᠯᠵᠤ ᠬᠦᠷᠢᠨ ᠤ ᠭᠠᠳᠠᠨᠠᠬᠢ ᠲᠤᠶᠠᠭ᠎ᠠ ᠳᠤ ᠤᠶᠢᠯᠳᠠ ᠡᠭᠦᠰᠭᠡᠳᠡᠭ᠃      ᠥᠩᠭᠡ ᠶᠢᠨ ᠰᠣᠩᠭᠤᠯᠲᠠ ᠶᠢᠨ ᠲᠠᠯ᠎ᠠ ᠪᠠᠷ᠂ ᠡᠩ ᠲᠡᠷᠢᠬᠦᠨ ᠳᠤ ᠦᠨᠡᠰᠦᠨ ᠥᠩᠭᠡ᠂ ᠴᠠᠢ ᠶᠢᠨ ᠥᠩᠭᠡ᠂ ᠨᠣᠭᠤᠭᠠᠨ ᠦᠨᠡᠰᠦᠨ ᠥᠩᠭᠡ ᠵᠡᠷᠭᠡ ᠭᠤᠷᠪᠠᠨ ᠵᠦᠢᠯ ᠢ ᠰᠤᠩᠭᠤᠪᠡᠯ ᠵᠤᠬᠢᠨ᠎ᠠ᠃ CAT2 ᠳᠦᠷᠤᠯ ᠪᠠ CAT3 ᠳᠦᠷᠤᠯ ᠭᠡᠬᠦ ᠡᠨᠡ ᠬᠤᠶᠠᠷ ᠳᠦᠷᠤᠯ ᠤᠨ ᠨᠡᠷᠡᠨ ᠰᠢᠯ ᠣᠳᠣᠬᠠᠨ ᠤ ᠵᠠᠬ᠎ᠠ ᠳᠡᠯᠭᠡᠭᠦᠷ ᠲᠤ ᠬᠠᠮᠤᠭ ᠤᠯᠠᠨ ᠪᠠᠶᠢᠨ᠎ᠠ᠂ ᠡᠭᠦᠨ ᠢ ᠰᠠᠨᠠᠭ᠎ᠠ ᠠᠮᠠᠷ ᠰᠣᠩᠭᠤᠵᠤ ᠪᠣᠯᠤᠨ᠎ᠠ᠂ ᠲᠡᠭᠦᠨ ᠤ ᠨᠡᠪᠲᠡᠷᠠᠯᠳᠠ ᠶᠢᠨ ᠬᠠᠷᠢᠴᠠᠯ ᠨᠢ 8% ᠠᠴᠠ 43% ᠶᠢᠨ ᠬᠤᠭᠤᠷᠣᠨᠳᠣ ᠪᠠᠶᠢᠵᠤ᠂ ᠣᠯᠠᠩᠬᠢ ᠪᠠᠶᠢᠳᠠᠯ ᠳᠤ ᠳᠤᠬᠢᠷᠠᠨ᠎ᠠ᠃      ᠪᠠᠭ᠎ᠠ ᠬᠡᠦᠬᠡᠳ ᠪᠠᠰᠠ ᠨᠡᠷᠡᠨ ᠰᠢᠯ ᠵᠡᠭᠦᠬᠦ ᠬᠡᠷᠡᠭᠲᠡᠶ᠃ ᠰᠠᠨᠠᠭᠤᠯᠬᠤ ᠨᠢ᠂ 6 ᠰᠠᠷ᠎ᠠ ᠠᠴᠠ ᠳᠡᠭᠡᠭᠰᠢᠬᠢ ᠬᠡᠦᠬᠡᠳ ᠲᠤ 99 % ᠠᠴᠠ 100 % ᠶᠢᠨ ᠨᠡᠷᠡᠨ ᠤ ᠰᠢᠯ ᠵᠡᠭᠦᠯᠭᠡᠪᠡᠯ ᠬᠠᠮᠤᠭ ᠤᠨ ᠰᠠᠶᠢᠨ᠃ ᠦᠭᠡᠷ᠎ᠡ ᠪᠠᠷ ᠬᠡᠯᠡᠪᠡᠯ ᠮᠠᠨ ᠤ ᠳᠡᠭᠡᠷ᠎ᠡ ᠳᠤᠷᠠᠳᠤᠭᠰᠠᠨ UV400 ᠪᠤᠶᠤ UV100 % ᠭᠡᠵᠦ ᠲᠣᠳᠣᠷᠬᠠᠶᠢᠯᠠᠭᠰᠠᠨ ᠨᠡᠷᠡᠨ ᠰᠢᠯ ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号