ᠬᠥᠨᠳᠡᠯᠡᠨ ᠰᠦᠮ᠎ᠡ ᠳᠤ ᠢᠷᠡᠵᠤ ᠵᠢᠭᠤᠯᠴᠢᠯᠠᠭᠠᠷᠠᠢ︕
ᠨᠡᠶᠢᠲᠡᠯᠡᠭᠰᠡᠨ ᠴᠠᠭ᠄
2024/9/5
     ᠬᠥᠨᠳᠡᠯᠡᠨ ᠰᠦᠮ᠎ᠡ ᠶᠢ 1687 ᠣᠨ ︵ᠡᠩᠬᠡ ᠠᠮᠤᠭᠤᠯᠠᠩ ᠤᠨ ᠬᠤᠷᠢᠨ ᠵᠢᠷᠭᠤᠳᠤᠭᠠᠷ ᠣᠨ︶ ᠳᠤ ᠡᠬᠢᠯᠡᠨ ᠪᠠᠶᠢᠭᠤᠯᠵᠤ᠂ ᠴᠢᠩ ᠤᠯᠤᠰ ᠤᠨ ᠲᠩᠷᠢ ᠲᠡᠳᠬᠦᠭᠴᠢ ᠬᠠᠭᠠᠨ ᠨᠤᠮ ᠤᠨ ᠪᠠᠶᠠᠰᠬᠤᠯᠠᠩᠲᠦ ᠰᠦᠮ᠎ᠡ ᠬᠡᠮᠡᠬᠦ ᠨᠡᠷ᠎ᠡ ᠬᠠᠶᠢᠷᠠᠯᠠᠬᠰᠠᠨ ᠪᠠᠶᠢᠵᠠᠢ᠂ ᠦᠩᠭᠡᠷᠡᠭᠰᠡᠨ ᠳᠤ ᠤᠷᠠᠳ ᠤᠨ ᠳᠤᠮᠳᠠᠳᠤ ᠬᠥᠩ ᠤᠨ ᠬᠤᠰᠢᠭᠤᠨ ᠤ ᠰᠦᠮ᠎ᠡ ᠪᠠᠶᠢᠬᠰᠠᠨ ᠢᠶᠠᠨ ᠬᠤᠵᠢᠮ ᠨᠢ ᠬᠥᠨᠳᠡᠯᠡᠨ ᠰᠦᠮ᠎ᠡ ᠭᠡᠵᠦ ᠨᠠᠷᠠᠶᠢᠳᠴᠦ ᠪᠢᠯᠡ᠃ ᠲᠡᠭᠦᠨ ᠠᠴᠠ ᠬᠤᠶᠢᠰᠢ ᠬᠡᠲᠦ ᠤᠳᠠᠭ᠎ᠠ ᠰᠠᠯᠪᠢᠨ ᠵᠠᠰᠠᠵᠤ᠂ ᠣᠲᠣ ᠦᠯᠡᠳᠡᠭᠳᠡᠵᠦ ᠪᠠᠶᠢᠭ᠎ᠠ ᠪᠤᠯ ᠴᠢᠩ ᠤᠯᠤᠰ ᠤᠨ ᠦᠶ᠎ᠡ ᠶᠢᠨ ᠶᠢᠰᠦᠨ ᠣᠷᠳᠣ ᠬᠠᠷᠰᠢ ᠪᠣᠯᠤᠨ ᠨᠢᠭᠡ ᠰᠠᠭᠤᠷᠢ ᠰᠢᠨ᠎ᠡ ᠪᠠᠷ ᠨᠡᠮᠡᠵᠤ ᠪᠠᠶᠢᠭᠤᠯᠤᠬᠰᠠᠨ ᠲᠥᠪᠡᠳ ᠨᠣᠮ ᠤᠨ ᠲᠠᠭᠲᠤ ᠪᠤᠯᠤᠨ᠎ᠠ᠃ ᠡᠭᠦᠨ ᠳᠤ᠂ ᠲᠤᠰ ᠰᠦᠮ᠎ᠡ ᠶᠢᠨ ᠴᠣᠭᠴᠢᠨ ᠳᠤᠭᠠᠩ ᠳᠤ ᠴᠢᠩ ᠤᠯᠤᠰ ᠤᠨ ᠦᠶ᠎ᠡ ᠶᠢᠨ ᠬᠠᠨᠠᠨ ᠵᠢᠷᠤᠭ ᠢ ᠬᠠᠳᠠᠭᠠᠯᠠᠵᠤ ᠪᠤᠢ᠂ 2017 ᠣᠨ ᠳᠤ ᠠᠭᠤᠯᠠᠨ ᠡᠭᠦᠳᠡ᠂ ᠦᠵᠡᠮᠵᠢ ᠶᠢᠨ ᠵᠠᠮ᠂ ᠰᠦᠮ᠎ᠡ ᠶᠢᠨ ᠠᠭᠤᠳᠠᠮ ᠲᠠᠯᠠᠪᠠᠶ ᠵᠡᠷᠭᠡ ᠢᠵᠢ ᠪᠥᠷᠢᠳᠦᠭᠰᠡᠨ ᠲᠤᠨᠤᠭ ᠲᠥᠬᠦᠭᠡᠷᠦᠮᠵᠢ ᠶᠢ ᠰᠢᠨ᠎ᠡ ᠪᠠᠷ ᠪᠠᠶᠢᠭᠤᠯᠵᠤ᠂ 2019 ᠣᠨ ᠳᠤ ᠨᠠᠢᠮᠠᠳᠤᠭᠠᠷ ᠪᠦᠯᠦᠭ ᠤᠨ ᠪᠥᠬᠦ ᠤᠯᠤᠰ ᠤᠨ ᠭᠤᠤᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠶᠯᠡᠰ ᠤᠨ ᠬᠠᠮᠠᠭᠠᠯᠠᠯᠲᠠ ᠶᠢᠨ ᠨᠢᠭᠡᠴᠢ ᠪᠠᠷ ᠰᠣᠩᠭᠤᠭᠳᠠᠪᠠ᠃
     ᠰᠤᠶᠤᠯ ᠨᠢ ᠵᠢᠭᠤᠯᠴᠢᠯᠠᠯ ᠢᠶᠠᠷ ᠲᠡᠮᠵᠢᠨ ᠨᠡᠩ ᠤᠯᠠᠨ ᠬᠦᠮᠦᠰ ᠲᠤ ᠲᠠᠨᠢᠬᠳᠠᠨ᠎ᠠ᠂ ᠵᠢᠭᠤᠯᠴᠢᠯᠠᠯ ᠨᠢ ᠰᠤᠶᠤᠯ ᠤᠨ ᠠᠭᠤᠯᠭ᠎ᠠ ᠲᠠᠢ ᠪᠠᠷ ᠢᠶᠠᠨ ᠨᠡᠩ ᠬᠦᠭᠵᠢᠨ ᠴᠡᠴᠡᠭᠯᠡᠨ᠎ᠡ᠃ ᠠᠳᠡᠬᠢ ᠠᠰᠠᠷ ᠲᠠᠭᠲᠤ ᠤᠷᠳᠤᠨ    ᠬᠠᠷᠰᠢ ᠨᠢ ᠥᠨᠳᠥᠷ ᠪᠣᠭᠤᠨᠢ ᠠᠳᠠᠯᠢ ᠪᠤᠰᠤ ᠲᠤᠰ ᠲᠤᠰ ᠤᠨ ᠬᠡᠪ ᠨᠠᠮᠪᠠᠭ᠎ᠠ ᠲᠠᠢ᠂ ᠪᠤᠷᠬᠠᠨ ᠤ ᠰᠤᠪᠤᠷᠭ᠎ᠠ ᠠᠳᠡ ᠲᠡᠨᠳᠡ ᠰᠦᠨᠳᠡᠷᠯᠡᠵᠦ᠂ ᠡᠷᠲᠡᠨ ᠤ ᠬᠥᠰᠢᠶ᠎ᠡ ᠴᠢᠯᠠᠭᠤᠨ ᠤ ᠰᠡᠶᠢᠯᠦᠮᠡᠯ᠂ ᠪᠤᠷᠬᠠᠨ ᠤ ᠨᠤᠮ ᠵᠢᠴᠢ ᠡᠷᠳᠡᠨ ᠤ ᠦᠰᠦᠭ ᠪᠢᠴᠢᠭ ᠨᠢ ᠡᠴᠢᠨ᠎ᠡ ᠨᠢᠭᠤᠴᠠᠭᠠᠢ ᠲᠡᠦᠬᠡ ᠰᠤᠶᠤᠯ ᠢ ᠬᠠᠳᠠᠭᠠᠯᠠᠵᠤ ᠪᠤᠢ᠃ ᠬᠦᠨᠳᠡᠯᠡᠨ ᠰᠦᠮ᠎ᠡ ᠨᠡᠶᠢᠳᠡ 1161 ᠲᠡᠭᠰᠢ ᠳᠥᠷᠪᠡᠯᠵᠢᠨ ᠮᠧᠲᠷ ᠲᠠᠯᠠᠪᠠᠢ ᠲᠠᠢ᠂ 28 ᠤᠷᠳᠤᠨ ᠬᠠᠷᠰᠢ ᠠᠰᠠᠷ ᠲᠡᠬᠲᠦ ᠲᠠᠢ᠂ ᠯᠠᠮᠠ ᠨᠡᠷ ᠪᠠ ᠵᠠᠪᠠ ᠨᠡᠷ ᠤᠨ ᠰᠠᠭᠤᠳᠠᠭ 60 ᠭᠠᠷᠤᠢ ᠦᠷᠦᠬᠡ ᠲᠠᠢ᠂ ᠪᠤᠷᠬᠠᠨ ᠲᠠᠬᠢᠬᠤ 3 ᠰᠤᠪᠤᠷᠭ᠎ᠠ ᠲᠠᠢ᠂ ᠵᠠᠭᠤᠨ ᠵᠢᠯ ᠤᠯᠠᠮᠵᠢᠯᠠᠭᠳᠠᠭᠰᠠᠨ ᠡᠴᠢᠨ᠎ᠡ ᠭᠤᠶᠤ ᠬᠠᠨᠠᠨ ᠵᠢᠷᠤᠭ ᠪᠣᠯᠤᠨ ᠬᠤᠪᠣᠷ ᠨᠠᠨᠳᠢᠨ ᠲᠡᠦᠬᠡ ᠶᠢᠨ ᠳᠤᠷᠠᠰᠬᠠᠯᠲᠤ ᠵᠦᠢᠯᠡᠰ ᠪᠤᠢ᠃ ᠠᠳᠡ ᠡᠷᠲᠡᠨ ᠤ ᠲᠠᠬᠢᠯᠭ᠎ᠠ ᠶᠢᠨ ᠠᠵᠢᠯᠯᠠᠭ᠎ᠠ ᠪᠠᠶᠢᠩᠭᠤ ᠶᠠᠪᠤᠬᠳᠠᠨ᠎ᠠ᠂ ᠲᠥᠪᠡᠳ ᠤᠨ ᠪᠤᠷᠬᠠᠨ ᠱᠠᠰᠢᠨ ᠤ ᠳᠠᠭᠠᠳᠬᠠᠬᠤ ᠶᠤᠰᠤᠯᠠᠯ ᠨᠢ ᠡᠳᠡᠭᠡᠳ ᠤᠨᠴᠠᠭᠠᠢ᠃ ᠠᠳᠡ ᠱᠠᠰᠢᠨ ᠰᠤᠷᠲᠠᠬᠤᠨ᠂ ᠵᠢᠭᠤᠯᠴᠢᠯᠠᠯ᠂ ᠮᠣᠩᠭᠤᠯ ᠡᠮ ᠡᠮᠨᠡᠯᠭᠡ᠂ ᠰᠣᠶᠣᠯ ᠢ ᠨᠢᠭᠡ ᠴᠤᠭᠴᠠᠵᠢᠭᠤᠯᠤᠭᠰᠠᠨ᠂ ᠡᠷᠲᠡᠨ ᠡᠳᠦᠭᠡ ᠰᠤᠯᠪᠢᠴᠠᠨ ᠠᠭᠤᠰᠤᠯᠴᠠᠭᠰᠠᠨ᠂ ᠰᠣᠶᠣᠯ ᠢᠷᠭᠡᠨᠰᠢᠯ ᠲᠥᠪᠯᠡᠷᠡᠭᠰᠡᠨ ᠠᠷᠢᠭᠤᠨ ᠳᠠᠷᠬᠠᠨ ᠭᠠᠵᠠᠷ  ᠪᠤᠯᠤᠨ᠎ᠠ᠃
      ᠠᠳᠡ᠂ ᠬᠤᠳᠠ ᠶᠢᠨ ᠰᠣᠶᠣᠯ ᠤᠨ ᠦᠪ ᠵᠠᠯᠭᠠᠮᠵᠢᠯᠠᠬᠳᠠᠨ ᠤᠯᠠᠮᠵᠢᠯᠠᠭᠳᠠᠵᠤ᠂ ᠡᠷᠲᠡᠨ ᠤ ᠰᠦᠮ᠎ᠡ    ᠬᠡᠶᠢᠳ ᠤᠨ ᠰᠢᠨ᠎ᠡ ᠳᠦᠷᠰᠦ ᠪᠠᠶᠢᠳᠠᠯ ᠢᠶᠠᠷ ᠰᠣᠶᠣᠯ ᠵᠢᠭᠤᠯᠴᠢᠯᠠᠯ ᠤᠨ ᠬᠦᠭᠵᠢᠯᠳᠠ ᠳᠤ ᠬᠦᠴᠦᠨ ᠨᠡᠮᠡᠷᠢᠯᠡᠨ᠎ᠡ᠂ ᠠᠳᠡᠬᠢ ᠦᠵᠡᠭᠴᠢ ᠤᠯᠠᠨ ᠤ ᠰᠡᠳᠬᠢᠯ ᠢ ᠰᠤᠬᠳᠤᠭᠤᠷᠠᠭᠤᠯᠤᠬᠰᠠᠨ ᠰᠦᠷᠯᠢᠭ ᠰᠠᠶᠢᠬᠠᠨ ᠡᠷᠳᠡᠨ ᠤ ᠪᠠᠷᠢᠯᠭ᠎ᠠ ᠶᠢᠨ ᠦᠵᠡᠮᠵᠢ ᠶᠢ ᠦᠭᠡ ᠬᠡᠯᠡ ᠪᠠᠷ ᠢᠯᠡᠳᠭᠡᠬᠦᠶ᠎ᠡ ᠪᠡᠷᠬᠡ᠃
      ᠴᠢᠩ ᠠᠷᠢᠭᠤᠨ ᠰᠡᠳᠬᠢᠯ ᠢ ᠢᠯᠡᠳᠭᠡᠭᠰᠡᠨ ᠲᠠᠪᠤᠨ ᠥᠩᠭᠡ ᠶᠢᠨ ᠬᠠᠳᠠᠭ᠂ ᠬᠤᠯᠠ ᠶᠢᠨ ᠬᠤᠯᠠ ᠴᠤᠤᠷᠢᠶᠠᠯᠠᠬᠤ ᠰᠦᠮ᠎ᠡ ᠶᠢᠨ ᠬᠤᠩᠬᠤ ᠶᠢᠨ ᠳᠠᠭᠤᠨ᠂ ᠬᠥᠨᠳᠡᠯᠡᠨ ᠰᠦᠮ᠎ᠡ ᠶᠢᠨ ᠡᠴᠢᠨ᠎ᠡ ᠭᠠᠶᠢᠬᠠᠮᠰᠢᠭ ᠢ ᠲᠤᠭᠠᠴᠢᠨ ᠲᠦᠷᠪᠡᠨ ᠵᠦᠭ ᠨᠠᠢᠮᠠᠨ ᠵᠤᠪᠬᠢᠰ ᠤᠨ ᠵᠢᠭᠤᠯᠴᠢᠯᠠᠬᠰᠠᠳ ᠢ ᠤᠷᠢᠨ᠎ᠠ᠃
 
ᠢᠷᠡᠯᠲᠡ᠄ ᠬᠦᠨᠳᠡᠯᠡᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号